ᠨᠢᠭᠡ᠂ ᠲᠣᠬᠠᠶᠢᠯᠠᠭᠰᠠᠨ ᠠᠵᠢᠯ ᠤᠨ ᠬᠡᠪᠴᠢᠶ᠎ᠡ᠄ ᠮᠠᠰᠢᠨ ᠲᠡᠷᠭᠡᠨ ᠤ ᠦᠮᠴᠢᠯᠡᠭᠴᠢ ᠶᠢᠨ ᠣᠪᠣᠭ ᠨᠡᠷ᠎ᠡ | ︵ᠨᠢᠭᠡᠴᠡ ᠶᠢᠨ ᠨᠡᠷᠡᠶᠢᠳᠦᠯ︶ ᠶᠢ ᠬᠤᠪᠢᠷᠠᠭᠤᠯᠬᠤ᠂ ᠠᠯᠪᠠᠨ ᠲᠠᠮᠠᠭ᠎ᠠ ᠶᠢᠨ ᠶᠠᠩᠵᠤ ᠬᠡᠯᠪᠡᠷᠢ ᠶᠢ ᠬᠤᠪᠢᠷᠠᠭᠤᠯᠬᠤ᠂ | ᠬᠠᠷᠢᠯᠴᠠᠬᠤ ᠬᠡᠯᠪᠡᠷᠢ ᠪᠠᠨ ᠬᠤᠪᠢᠷᠠᠭᠤᠯᠬᠤ᠂ ᠮᠠᠰᠢᠨ ᠲᠡᠷᠭᠡ ᠶᠢᠨ ᠦᠮᠴᠢᠯᠡᠭᠴᠢ ᠶᠢᠨ ᠪᠡᠶ᠎ᠡ ᠶᠢᠨ ᠭᠡᠷᠡᠴᠢ ᠶᠢᠨ | ᠨᠣᠮᠧᠷ ᠢ ᠬᠤᠪᠢᠷᠠᠭᠤᠯᠬᠤ᠃ | ᠬᠤᠶᠠᠷ᠂ ᠲᠣᠰᠢᠶᠠᠬᠤ ᠮᠠᠲ᠋ᠧᠷᠢᠶᠠᠯ᠄ 1. ᠬᠤᠪᠢᠷᠠᠭᠤᠯᠣᠭᠰᠠᠨ ᠤ ᠳᠠᠷᠠᠭᠠᠬᠢ ᠮᠠᠰᠢᠨ ᠲᠡᠷᠭᠡᠨ ᠤ | ᠦᠮᠴᠢᠯᠡᠭᠴᠢ ᠶᠢᠨ ᠪᠡᠶ᠎ᠡ ᠶᠢᠨ ᠭᠡᠷᠡᠴᠢ ᠂ ᠭᠠᠷᠳᠠᠨ ᠭᠦᠢᠴᠡᠳᠬᠡᠭᠴᠢ ᠶᠢᠨ ᠪᠡᠶ᠎ᠡ ᠶᠢᠨ ᠭᠡᠷᠡᠴᠢ ᠶᠢᠨ ᠬᠠᠭᠤᠯᠪᠤᠷᠢ ︵ | A4 ᠴᠠᠭᠠᠰᠤ︶᠃ ︵ᠬᠤᠪᠢ ᠬᠥᠮᠥᠨ᠄ ᠪᠡᠶ᠎ᠡ ᠶᠢᠨ ᠦᠨᠡᠮᠯᠡᠯ ᠪᠤᠶᠤ ᠡᠷᠦᠬᠡ ᠠᠮᠠ ᠶᠢᠨ ᠳᠠᠩᠰᠠ︔ ᠨᠢᠭᠡᠴᠡ᠄ | ᠪᠠᠶᠢᠭᠤᠯᠤᠮᠵᠢ ᠶᠢᠨ ᠣᠷᠣᠯᠠᠬᠤ ᠨᠣᠮᠧᠷ ᠤᠨ ᠦᠨᠡᠮᠯᠡᠯ︔ ᠲᠤᠰ ᠬᠤᠲᠠ ᠶᠢᠨ ᠪᠣᠰᠤ ᠬᠥᠮᠥᠰ ᠪᠣᠯ ︽ᠲᠦᠷ | ᠰᠠᠭᠤᠬᠤ ᠭᠡᠷᠡᠴᠢ︾ ᠶᠢ ᠲᠤᠰᠢᠶᠠᠨ᠎ᠠ᠃︶ 2. ᠬᠤᠯᠪᠣᠭᠳᠠᠯ ᠪᠦᠬᠦᠢ ᠨᠢᠭᠡᠴᠡ ᠶᠢᠨ ᠬᠢᠵᠦ ᠥᠭᠭᠦᠭᠰᠡᠨ ᠬᠠᠤᠯᠢ ᠪᠠᠷ | ᠲᠣᠭᠲᠠᠭᠠᠭᠰᠠᠨ ᠬᠥᠴᠦᠨ ᠪᠦᠬᠦᠢ ᠭᠡᠷᠡᠴᠢ᠃ 3. ᠮᠠᠰᠢᠨ ᠲᠡᠷᠭᠡᠨ ᠤ ᠪᠦᠷᠢᠳᠬᠡᠯ ᠤᠨ ᠦᠨᠡᠮᠯᠡᠯ᠃ 4. ︽ᠮᠠᠰᠢᠨ | ᠲᠡᠷᠭᠡᠨ ᠤ ᠳᠠᠩᠰᠠᠯᠠᠯ ᠢᠶᠠᠨ ᠬᠤᠪᠢᠷᠠᠭᠤᠯᠬᠤ ᠭᠤᠶᠤᠴᠢᠯᠠᠯ ᠤᠨ ᠬᠦᠰᠦᠨᠦᠭᠲᠦ︾᠂ ︽ᠮᠠᠰᠢᠨ ᠲᠡᠷᠭᠡᠨ ᠤ | ᠪᠦᠷᠢᠳᠬᠡᠯ ᠤᠨ ᠲᠣᠬᠠᠶᠢᠯᠠᠭᠰᠠᠨ ᠠᠵᠢᠯ ᠤᠨ ᠴᠤᠪᠤᠷᠠᠯ ᠬᠠᠭᠤᠳᠠᠰᠤ︾᠃ ︵ᠠᠯᠪᠠᠨ ᠤ ᠮᠠᠰᠢᠨ ᠲᠡᠷᠭᠡ᠄ ᠨᠢᠭᠡᠴᠡ | ᠠᠯᠪᠠᠨ ᠲᠠᠮᠠᠭ᠎ᠠ ᠪᠠᠨ ᠳᠠᠷᠣᠨ᠎ᠠ︔ ᠬᠤᠪᠢ ᠶᠢᠨ ᠮᠠᠰᠢᠨ ᠲᠡᠷᠭᠡ᠄ ᠭᠠᠷ ᠤᠨ ᠢᠶᠠᠨ ᠦᠰᠦᠭ ᠵᠢᠷᠣᠨ᠎ᠠ︶ | ᠭᠤᠷᠪᠠ᠂ ᠣᠷᠣᠯᠠᠨ ᠭᠦᠢᠴᠡᠳᠬᠡᠭᠴᠢ ᠳᠤ ᠨᠠᠶᠢᠳᠠᠨ ᠭᠦᠢᠴᠡᠳᠬᠡᠯᠭᠡᠬᠦ 1. ᠬᠤᠪᠢ ᠶᠢᠨ ᠮᠠᠰᠢᠨ ᠲᠡᠷᠭᠡ᠄ | ᠣᠷᠣᠯᠠᠨ ᠭᠦᠢᠴᠡᠳᠬᠡᠭᠴᠢ ᠨᠢ ᠠᠯᠪᠠᠨ ᠭᠡᠷᠡᠴᠢᠯᠡᠭᠡ ᠬᠢᠯᠭᠡᠭᠰᠡᠨ ᠨᠠᠶᠢᠳᠠᠯᠭ᠎ᠠ ᠶᠢᠨ ᠪᠢᠴᠢᠭ᠂ ᠬᠤᠶᠠᠷ ᠡᠲᠡᠭᠡᠳ ᠤᠨ ︽ | ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ︾ ᠤᠨ ᠤᠭ ᠵᠦᠢᠯ ᠵᠢᠴᠢ ᠬᠠᠭᠤᠯᠪᠤᠷᠢ ᠶᠢ ᠲᠤᠰᠢᠶᠠᠨ᠎ᠠ᠃ 2. | ᠠᠯᠪᠠᠨ ᠤ ᠮᠠᠰᠢᠨ ᠲᠡᠷᠭᠡ᠄ ᠣᠷᠣᠯᠠᠨ ᠭᠦᠢᠴᠡᠳᠬᠡᠭᠴᠢ ᠨᠢ ᠨᠢᠭᠡᠴᠡ ᠶᠢᠨ ᠢᠶᠠᠨ ᠲᠠᠨᠢᠯᠴᠠᠭᠤᠯᠭ᠎ᠠ ᠶᠢᠨ ᠪᠢᠴᠢᠭ᠂ | ᠠᠯᠪᠠᠨ ᠲᠠᠮᠠᠭ᠎ᠠ ᠳᠠᠷᠤᠭᠰᠠᠨ ᠪᠠᠶᠢᠭᠤᠯᠤᠮᠵᠢ ᠶᠢᠨ ᠣᠷᠣᠯᠠᠬᠤ ᠨᠣᠮᠧᠷ ᠤᠨ ᠬᠠᠭᠤᠯᠪᠤᠷᠢ᠂ ︽ᠰᠠᠭᠤᠭᠠᠯᠢ ᠠᠷᠠᠳ ᠤᠨ | ᠪᠡᠶ᠎ᠡ ᠶᠢᠨ ᠦᠨᠡᠮᠯᠡᠯ︾ ᠤᠨ ᠤᠭ ᠵᠦᠢᠯ ᠵᠢᠴᠢ ᠬᠠᠭᠤᠯᠪᠤᠷᠢ ᠶᠢ ᠲᠤᠰᠢᠶᠠᠨ᠎ᠠ᠃ 3. ᠬᠠᠨᠢ ᠨᠥᠬᠦᠷ ᠤᠨ | ᠬᠠᠷᠢᠴᠠᠭ᠎ᠠ ᠲᠠᠢ ᠪᠣᠯ ︽ᠣᠷᠤᠭ ᠤᠨ ᠦᠨᠡᠮᠯᠡᠯ︾᠂ ᠬᠤᠶᠠᠷ ᠡᠲᠡᠭᠡᠳ ︽ᠰᠠᠭᠤᠭᠠᠯᠢ ᠠᠷᠠᠳ ᠤᠨ ᠪᠡᠶ᠎ᠡ ᠶᠢᠨ | ᠦᠨᠡᠮᠯᠡᠯ︾ ᠤᠨ ᠤᠭ ᠵᠦᠢᠯ ᠵᠢᠴᠢ ᠬᠠᠭᠤᠯᠪᠤᠷᠢ ᠶᠢ ᠲᠤᠰᠢᠶᠠᠨ᠎ᠠ᠃ 4. ᠡᠴᠢᠭᠡ ᠡᠬᠡ ᠦᠷ᠎ᠡ ᠬᠡᠦᠬᠡᠳ ᠵᠡᠷᠭᠡ | ᠰᠠᠳᠤᠨ ᠲᠦᠷᠦᠯ ᠤᠨ ᠬᠠᠷᠢᠴᠠᠭ᠎ᠠ ᠲᠠᠢ ᠪᠣᠯ᠂ ᠰᠠᠳᠤᠨ ᠲᠦᠷᠦᠯ ᠤᠨ ᠬᠠᠷᠢᠴᠠᠭ᠎ᠠ ᠶᠢ ᠬᠡᠷᠡᠴᠢᠯᠡᠭᠰᠡᠨ ᠡᠷᠦᠬᠡ | ᠠᠮᠠ ᠶᠢᠨ ᠳᠠᠩᠰᠠ ᠪᠠ ᠬᠤᠶᠠᠷ ᠡᠲᠡᠭᠡᠳ ᠤᠨ ︽ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ︾ ᠤᠨ ᠤᠭ ᠵᠦᠢᠯ | ᠪᠠ ᠬᠠᠭᠤᠯᠪᠤᠷᠢ ᠶᠢ ᠲᠤᠰᠢᠶᠠᠨ᠎ᠠ᠃ | |