2018 ᠤᠨ ᠤ 1 ᠰᠠᠷ᠎ᠠ 1 ᠤ ᠡᠳᠦᠷ ᠠᠴᠠ ᠡᠬᠢᠯᠡᠨ᠂ ᠬᠦᠬᠡᠬᠤᠲᠠ ᠶᠢᠨ ᠨᠡᠶᠢᠭᠡᠮ ᠤᠨ ᠲᠠᠭᠠᠳᠬᠠᠯ ᠳᠤ | ᠤᠷᠤᠯᠴᠠᠭᠰᠠᠳ ᠲᠤᠭᠲᠠᠭᠰᠠᠨ ᠴᠢᠭ᠋ ᠤᠨ ᠡᠮᠴᠢᠯᠡᠭᠡᠨ ᠤ ᠪᠠᠶᠢᠭᠤᠯᠤᠮᠵᠢ᠂ ᠲᠤᠭᠲᠠᠭᠰᠠᠨ ᠴᠠᠭ ᠤᠨ ᠰᠤᠯᠠ ᠪᠠᠷ | ᠪᠤᠷᠤᠯᠠᠭᠤᠯᠬᠤ ᠡᠮ ᠤᠨ ᠲᠡᠯᠭᠡᠬᠦᠷ ᠲᠤ ᠤᠨᠤᠰᠢᠯᠠᠭᠤᠯᠤᠨ ᠡᠮ ᠬᠤᠳᠠᠯᠳᠤᠨ ᠠᠪᠬᠤ ᠦᠶ᠎ᠡ ᠳᠤ᠂ ᠬᠤᠶᠠᠳᠤᠭᠠᠷ | ᠦᠶ᠎ᠡ ᠶᠢᠨ ᠨᠡᠶᠢᠭᠡᠮ ᠤᠨ ᠪᠠᠲᠤᠯᠠᠪᠤᠷᠢ ᠶᠢᠨ ᠺᠠᠷᠲ ᠢ ᠪᠦᠬᠦ ᠲᠠᠯ᠎ᠠ ᠪᠠᠷ ᠬᠡᠷᠡᠭᠯᠡᠵᠤ᠂ ᠡᠮ ᠡᠮᠨᠡᠯᠭᠡ ᠶᠢᠨ | ᠵᠠᠷᠤᠳᠠᠯ ᠢᠶᠠᠨ ᠰᠢᠭᠤᠳ ᠳ᠋ᠦᠡᠭᠨᠡᠨ ᠪᠤᠳᠤᠵᠤ ᠪᠤᠯᠬᠤ ᠭᠠᠷ ᠬᠦᠢᠴᠡᠳᠭᠡᠯ ᠤᠨ ᠠᠵᠢᠯ ᠢᠶᠠᠨ ᠡᠬᠢᠯᠡᠬᠦᠯᠬᠦ ᠪᠠᠷ ᠪᠤᠯᠪᠠ᠃ | ᠤᠶᠢᠷ᠎ᠠ ᠳᠤ ᠬᠦᠬᠡᠬᠤᠲᠠ ᠶᠢᠨ ᠴᠦᠬᠡᠨ ᠪᠤᠰᠤ ᠰᠠᠭᠤᠭᠠᠯᠢ ᠠᠷᠠᠳ ᠰᠢᠨ᠎ᠡ ᠬᠠᠭᠤᠴᠢᠨ ᠨᠡᠶᠢᠭᠡᠮ ᠤᠨ | ᠪᠠᠲᠤᠯᠠᠪᠤᠷᠢ ᠶᠢᠨ ᠺᠠᠷᠲ ᠢ ᠰᠤᠯᠢᠬᠤ ᠡᠰᠡᠬᠦ ᠲᠤᠬᠠᠢ ᠠᠩᠬᠠᠷᠴᠤ ᠪᠠᠶᠢᠨ᠎ᠠ᠃ ᠺᠠᠷᠲ ᠶᠢᠨ ᠰᠤᠯᠢᠪᠠᠯ ᠤᠤᠯ ᠤᠨ | ᠺᠠᠷᠲ ᠲᠠᠬᠢ ᠵᠤᠭᠤᠰ ᠢᠶᠠᠨ ᠶᠠᠭᠠᠬᠢᠳᠠᠭ ᠪᠢᠯᠡ︖ ᠪᠤᠰᠤᠳ ᠬᠦᠮᠦᠨ ᠳᠤ ᠨᠠᠶᠢᠳᠠᠨ ᠭᠠᠷ ᠬᠦᠢᠴᠡᠳᠭᠡᠯ ᠢ ᠤᠷᠤᠯᠠᠨ | ᠬᠢᠯᠬᠡᠵᠤ ᠪᠤᠯᠬᠤ ᠪᠤᠯ ᠤᠤ︖ ᠨᠡᠶᠢᠭᠡᠮ ᠤᠨ ᠪᠠᠲᠤᠯᠠᠪᠤᠷᠢ ᠶᠢᠨ ᠺᠡᠷᠲ ᠢᠶᠠᠨ ᠬᠡᠬᠡᠭᠰᠡᠨ ᠪᠤᠯ ᠶᠠᠭᠠᠬᠢᠳᠠᠭ ᠪᠢᠯᠠ︖ | ᠭᠡᠬᠦ ᠵᠡᠷᠭᠡ ᠠᠰᠠᠭᠤᠳᠠᠯ ᠳᠤ ᠴᠢᠭᠯᠡᠬᠦᠯᠦᠨ᠂ ᠦᠪᠡᠷᠲᠡᠭᠡᠨ ᠵᠠᠰᠠᠬᠤ ᠤᠷᠤᠨ ᠤ ᠬᠦᠮᠦᠨ ᠤ ᠬᠦᠴᠦᠨ ᠤ ᠡᠬᠢ ᠪᠠᠶᠠᠯᠢᠭ | ᠪᠠ ᠨᠠᠶᠢᠭᠡᠮ ᠤᠨ ᠪᠠᠲᠤᠯᠠᠪᠤᠷᠢ ᠶᠢᠨ ᠲᠢᠩᠬᠢᠮ ᠤᠨ ᠮᠡᠳᠡᠭᠡ ᠵᠠᠩᠬᠢ ᠶᠢᠨ ᠲᠦᠪ ᠵᠢᠴᠢ ᠬᠦᠬᠡᠬᠤᠲᠠ ᠶᠢᠨ ᠬᠦᠮᠦᠨ ᠤ | ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠪᠤᠷᠢ ᠶᠢᠨ ᠬᠠᠮᠢᠶᠠᠷᠤᠯᠲᠠ ᠢ ᠲᠤᠪᠴᠢᠶ᠎ᠠ ᠵᠡᠷᠭᠡ ᠬᠤᠯᠪᠤᠭᠳᠠᠯ | ᠪᠦᠬᠦᠢ ᠪᠠᠶᠢᠭᠤᠯᠤᠯᠭ᠎ᠠ ᠠᠴᠠ ᠪᠤᠲᠠᠲᠠᠢ ᠬᠠᠷᠢᠭᠤᠯᠲᠠ ᠬᠦᠰᠡᠮᠵᠢᠯᠡᠵᠤ ᠪᠠᠶᠢᠯ᠎ᠠ᠃ ᠨᠡᠶᠢᠭᠡᠮ ᠤᠨ ᠪᠠᠳᠤᠯᠠᠪᠤᠷᠢ ᠶᠢᠨ | ᠺᠠᠷᠲ ᠢ ᠰᠤᠯᠢᠬᠤ ᠠᠵᠢᠯ ᠥᠨᠳᠥᠰᠤᠨ ᠳᠡᠭᠡᠨ ᠲᠠᠭᠤᠰᠪᠠ 2000 ᠤᠨ ᠠᠴᠠ ᠡᠬᠢᠯᠡᠨ᠂ ᠬᠥᠬᠡᠬᠤᠳᠠ ᠤᠷᠢᠳ | ᠬᠤᠵᠢᠳ ᠮᠥᠡᠭᠭᠦᠨ ᠬᠥᠢᠯᠭᠡᠭᠡ ᠶᠢᠨ ᠡᠬᠦᠷᠭᠡ ᠴᠢᠳᠠᠪᠬᠢ ᠦᠭᠡᠢ ᠬᠤᠶᠠᠷ ᠵᠦᠢᠯ ᠤᠨ ᠨᠡᠶᠢᠭᠡᠮ ᠤᠨ ᠪᠠᠳᠤᠯᠠᠪᠤᠷᠢ ᠶᠢᠨ | ᠺᠠᠷᠲ ︵ᠨᠢᠬᠡᠳᠤᠭᠡᠷ ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ ᠺᠠᠷᠲ ᠬᠡᠵᠥ ᠨᠢᠬᠡᠳᠭᠡᠨ ᠨᠡᠷᠡᠯᠡᠪᠡ︶ ᠢ | ᠲᠠᠷᠬᠠᠭᠠᠪᠠ᠃ 2013 ᠤᠨ ᠤ 10 ᠰᠠᠷ᠎ᠠ ᠳᠤ᠂ ᠥᠪᠡᠷᠳᠡᠭᠡᠨ ᠵᠠᠰᠠᠬᠤ ᠤᠷᠤᠨ ᠤ ᠱᠠᠭᠠᠷᠳᠠᠯᠭ᠎ᠠ ᠶᠤᠰᠤᠭᠠᠷ᠂ | ᠬᠤᠶᠠᠳᠤᠭᠠᠷ ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ ᠺᠠᠷᠲ ᠢ ᠲᠠᠷᠬᠠᠭᠠᠪᠠ᠃ ᠬᠤᠶᠠᠳᠤᠭᠠᠷ ᠥᠶ᠎ᠠ ᠶᠢᠨ | ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠥᠡᠭᠭᠡᠨ ᠲᠠᠯ᠎ᠠ ᠳᠤ ᠴᠡᠬᠢᠮ ᠪᠤᠯᠤᠨ ᠰᠤᠷᠢᠨᠵᠢᠨ ᠭᠤᠤᠯ ᠵᠢᠴᠢ ︽ | ᠲᠤᠮᠳᠠᠳᠤ ᠤᠯᠤᠰ ᠤᠨ ᠪᠠᠩᠭᠢ︾ ᠬᠡᠬᠦ ᠥᠰᠥᠭ ᠲᠠᠢ᠂ ᠨᠢᠬᠡᠨ ᠴᠡᠬᠢᠮ ᠤᠨ ᠲᠡᠭᠡᠷ᠎ᠠ ᠲᠠᠯᠳᠠ ᠬᠡᠯᠪᠡᠷᠢ ᠶᠢᠨ | ᠰᠤᠷᠢᠨᠵᠢᠨ ᠭᠤᠤᠯ ᠢ ᠬᠠᠪᠰᠤᠷᠭᠠᠬᠰᠠᠨ ᠺᠠᠷᠲ ᠪᠠᠶᠢᠵᠥ᠂ ᠨᠢᠬᠡᠳᠤᠭᠡᠷ ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ | ᠺᠠᠷᠲ ᠲᠠᠢ ᠬᠠᠮᠤᠬ ᠤᠨ ᠶᠡᠭᠡ ᠢᠯᠭᠠᠭ᠎ᠠ ᠲᠠᠢ ᠵᠦᠢᠯ ᠪᠤᠯ ᠪᠠᠩᠭᠢ ᠶᠢᠨ ᠮᠥᠡᠭᠭᠦᠨ ᠬᠥᠢᠯᠭᠡᠭᠡ ᠶᠢᠨ ᠡᠬᠦᠷᠭᠡ | ᠴᠢᠳᠠᠪᠬᠢ ᠲᠠᠢ ᠪᠤᠯᠤᠭᠰᠠᠨ ᠶᠤᠮ᠃ | ᠥᠪᠡᠷᠳᠡᠭᠡᠨ ᠵᠠᠰᠠᠬᠤ ᠤᠷᠤᠨ ᠤ ᠬᠥᠮᠥᠨ ᠤ ᠬᠥᠴᠥᠨ ᠤ ᠡᠬᠢ ᠪᠡᠶᠡᠯᠢᠬ ᠪᠠ ᠨᠡᠶᠢᠭᠡᠮ ᠤᠨ ᠪᠠᠳᠤᠯᠠᠪᠤᠷᠢ ᠶᠢᠨ | ᠮᠡᠳᠡᠭᠡ ᠵᠠᠩᠭᠢ ᠶᠢᠨ ᠲᠥᠪ ᠤᠨ ᠬᠠᠷᠢᠭᠤᠴᠠᠯᠭᠠᠳᠠᠳ ᠤᠨ ᠢᠯᠡᠳᠭᠡᠭᠰᠡᠨ ᠢᠶᠠᠷ᠂ ᠬᠠᠭᠤᠴᠢᠨ ᠺᠠᠷᠲ ᠢᠶᠠᠨ | ᠰᠤᠯᠢᠬᠰᠠᠨ ᠤ ᠲᠠᠷᠠᠭ᠎ᠠ ᠺᠠᠷᠲ ᠲᠠᠬᠢ ᠤᠤᠯ ᠤᠨ ᠵᠤᠭᠤᠰ ᠬᠡᠭᠡᠭᠳᠡᠬᠦ ᠥᠬᠡᠢ᠃ ᠰᠢᠨ᠎ᠠ ᠺᠠᠷᠲ ᠤᠨ ᠡᠬᠦᠷᠭᠡ | ᠴᠢᠳᠠᠪᠬᠢ ᠠᠰᠢᠬᠯᠠᠯᠲᠠ ᠳᠤ ᠤᠷᠤᠬᠰᠠᠨ ᠤ ᠲᠠᠷᠠᠭ᠎ᠠ ᠤᠤᠯ ᠤᠨ ᠥᠯᠡᠳᠡᠪᠤᠷᠢ ᠵᠤᠭᠤᠰ ᠠᠶᠠᠨᠳᠠᠭᠠᠨ ᠰᠢᠨ᠎ᠠ | ᠨᠡᠶᠢᠭᠡᠮ ᠤᠨ ᠪᠠᠳᠤᠯᠠᠪᠤᠷᠢ ᠶᠢᠨ ᠺᠠᠷᠲ ᠲᠤ ᠰᠢᠯᠵᠢᠨ ᠤᠷᠤᠨ᠎ᠠ᠃ ᠪᠤᠰᠤᠳ ᠬᠥᠮᠥᠨ ᠳᠤ ᠨᠡᠶᠢᠳᠠᠨ ᠭᠠᠷ | ᠬᠥᠢᠴᠡᠳᠭᠡᠯ ᠤᠷᠤᠯᠠᠨ ᠬᠢᠯᠭᠡᠵᠥ ᠪᠤᠯᠤᠨ᠎ᠠ ᠤᠤ︖ ᠲᠥᠷᠥᠬᠦᠬᠡᠨ ᠬᠥᠬᠡᠬᠤᠳᠠ ᠶᠢᠨ ᠰᠠᠶᠢᠬᠠᠨ ᠲᠤᠭᠤᠷᠢᠬ ᠤᠨ | ᠤᠯᠠᠭᠠᠨᠴᠠᠪ ᠵᠡᠬᠦᠨ ᠵᠠᠮ ᠤᠨ ᠰᠢᠶᠠᠨ ᠹᠸᠡᠭ ᠰᠠᠭᠤᠭᠠᠯᠢ ᠠᠷᠠᠳ ᠤᠨ ᠲᠤᠭᠤᠷᠢᠬ ᠲᠤ ᠰᠠᠭᠤᠭ᠎ᠠ ᠬᠢᠯᠪᠠᠭ᠎ᠠ᠂ ᠠᠪᠤ ᠨᠢ | 80 ᠭᠠᠷᠴᠢᠬᠠᠬᠰᠠᠨ ᠪᠤᠯᠬᠤᠷ ᠶᠠᠪᠤᠵᠥ ᠰᠠᠭᠤᠬᠤ ᠳᠤ ᠲᠥᠬᠦᠮ ᠥᠬᠡᠢ᠂ ᠬᠤᠶᠠᠳᠤᠭᠠᠷ ᠥᠶ᠎ᠠ ᠶᠢᠨ ᠨᠡᠶᠢᠭᠡᠮ ᠤᠨ | ᠪᠠᠳᠤᠯᠠᠪᠤᠷᠢ ᠶᠢᠨ ᠺᠠᠷᠲ ᠢ ᠨᠢ ᠤᠷᠤᠯᠠᠨ ᠭᠠᠷ ᠬᠥᠢᠴᠡᠳᠭᠡᠯ ᠬᠢᠯᠭᠡᠵᠥ ᠪᠤᠯᠬᠤ ᠶᠤᠮ ᠤᠤ︖ ᠬᠡᠵᠥ ᠠᠰᠠᠭᠤᠨ | ᠰᠤᠷᠠᠬᠯᠠᠵᠥ ᠪᠠᠶᠢᠯ᠎ᠠ᠃ ᠥᠪᠡᠷᠳᠡᠭᠡᠨ ᠵᠠᠰᠠᠬᠤ ᠤᠷᠤᠨ ᠤ ᠬᠥᠮᠥᠨ ᠤ ᠬᠥᠴᠥᠨ ᠤ ᠡᠬᠢ ᠪᠡᠶᠡᠯᠢᠬ ᠪᠠ ᠨᠡᠶᠢᠭᠡᠮ ᠤᠨ | ᠪᠠᠳᠤᠯᠠᠪᠤᠷᠢ ᠶᠢᠨ ᠲᠢᠩᠭᠢᠮ ᠤᠨ ᠮᠡᠳᠡᠭᠡ ᠵᠠᠩᠭᠢ ᠶᠢᠨ ᠲᠥᠪ ᠤᠨ ᠬᠠᠷᠢᠭᠤᠴᠠᠯᠭᠠᠳᠠᠳ ᠤᠨ ᠲᠠᠨᠢᠯᠴᠠᠭᠤᠯᠤᠬᠰᠠᠨ ᠢ | ᠥᠨᠳᠥᠰᠤᠯᠠᠪᠠᠯ᠂ ᠬᠥᠬᠡᠬᠤᠳᠠ ᠶᠢᠨ ᠨᠠᠰᠤᠨ ᠳᠤ ᠥᠯᠥ ᠬᠥᠷᠥᠭᠰᠡᠳ ᠵᠢᠴᠢ ᠪᠤᠰᠤᠳ ᠢᠷᠭᠡᠨ ᠤ ᠶᠠᠪᠤᠳᠠᠯ ᠤᠨ | ᠠᠵᠢᠯᠯᠠᠭ᠎ᠠ ᠳᠤ ᠤᠷᠤᠯᠴᠠᠬᠤ ᠴᠢᠳᠠᠪᠤᠷᠢ ᠥᠬᠡᠢ ᠬᠤᠪᠢ ᠬᠥᠮᠥᠨ᠂ ᠨᠠᠰᠤᠳᠠᠶᠢᠴᠤᠳ᠂ ᠵᠡᠮᠳᠡᠭᠴᠤᠳ ᠬᠤᠪᠢ | ᠬᠥᠮᠥᠨ ᠤ ᠰᠢᠯᠳᠠᠭᠠᠨ ᠠᠴᠠ ᠪᠤᠯᠵᠥ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠭᠠᠷ ᠬᠥᠢᠴᠡᠳᠭᠡᠯ ᠢᠶᠠᠨ ᠬᠢᠵᠥ | ᠲᠡᠶᠢᠯᠬᠦ ᠥᠬᠡᠢ ᠪᠠᠶᠢᠳᠠᠯ ᠲᠤᠤᠷ᠎ᠠ᠂ ᠪᠤᠰᠤᠳ ᠬᠥᠮᠥᠨ ᠳᠤ ᠨᠠᠶᠢᠳᠠᠨ ᠭᠠᠷ ᠬᠥᠢᠴᠡᠳᠭᠡᠯ ᠢᠶᠠᠨ ᠤᠷᠤᠯᠠᠨ ᠬᠢᠯᠬᠡᠵᠥ | ᠪᠤᠯᠤᠨ᠎ᠠ᠃ ᠤᠷᠤᠯᠠᠨ ᠬᠥᠢᠴᠡᠳᠭᠡᠭᠴᠢ ᠪᠠᠩᠭᠢ ᠳᠤ ᠬᠥᠷᠴᠤ ᠬᠤᠶᠠᠳᠤᠭᠠᠷ ᠥᠶ᠎ᠠ ᠶᠢᠨ ᠨᠡᠶᠢᠭᠡᠮ ᠤᠨ | ᠪᠠᠳᠤᠯᠠᠪᠤᠷᠢ ᠶᠢᠨ ᠺᠠᠷᠲ ᠤᠨ ᠥᠢᠯᠡᠴᠢᠯᠡᠭᠡ ︵ᠺᠠᠷᠲ ᠠᠪᠬᠤ᠂ ᠺᠠᠷᠲ ᠢ ᠮᠥᠡᠭᠭᠦᠨ ᠬᠥᠢᠯᠭᠡᠭᠡ ᠶᠢᠨ | ᠠᠰᠢᠬᠯᠠᠯᠳᠠ ᠳᠤ ᠤᠷᠤᠭᠤᠯᠬᠤ ᠵᠡᠷᠭᠡ︶ ᠶᠢᠨ ᠭᠠᠷ ᠬᠥᠢᠴᠡᠳᠭᠡᠯ ᠬᠢᠬᠦ ᠥᠶᠡᠰ᠂ ᠤᠷᠤᠯᠠᠨ ᠬᠥᠢᠴᠡᠳᠭᠡᠭᠴᠢ ᠬᠤᠪᠢ | ᠬᠥᠮᠥᠨ ᠤ ᠪᠡᠶ᠎ᠠ ᠶᠢᠨ ᠥᠨᠡᠮᠯᠡᠯ ᠪᠠ ᠨᠠᠶᠢᠳᠠᠬᠴᠢ ᠶᠢᠨ ᠪᠡᠶ᠎ᠠ ᠶᠢᠨ ᠥᠨᠡᠮᠯᠡᠯ ᠢ ᠠᠪᠬᠤ ᠶᠢᠨ ᠬᠠᠮᠳᠤ᠂ ᠭᠡᠷᠡᠴᠢ ᠬᠢᠬᠦ | ᠪᠠᠶᠢᠭᠤᠯᠤᠮᠵᠢ ᠶᠢᠨ ᠭᠡᠷᠡᠴᠢᠯᠡᠭᠰᠡᠨ ᠬᠤᠯᠪᠤᠬᠳᠠᠯ ᠪᠥᠬᠦᠢ ᠵᠥᠪᠯᠡᠯᠴᠡᠭᠡᠷ ᠤᠨ ᠪᠢᠴᠢᠭ ᠮᠠᠲ᠋ᠧᠷᠢᠶᠠᠯ ᠢ ᠪᠥᠷᠢᠯᠳᠥᠬᠦᠯᠥᠨ | ᠭᠠᠷ ᠬᠥᠢᠴᠡᠳᠭᠡᠯ ᠬᠢᠬᠦ ᠭᠡᠷᠡᠭᠳᠠᠢ ᠬᠡᠵᠥ ᠡᠯ᠎ᠠ ᠬᠤᠯᠪᠤᠬᠳᠠᠯ ᠪᠥᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠳᠠᠳ | ᠰᠠᠨᠠᠭᠤᠯᠵᠥ ᠪᠤᠢ᠃ ᠨᠡᠶᠢᠭᠡᠮ ᠤᠨ ᠪᠠᠳᠤᠯᠠᠪᠤᠷᠢ ᠶᠢᠨ ᠺᠠᠷᠲ ᠢᠶᠠᠨ ᠬᠡᠬᠡᠭᠰᠡᠨ ᠪᠤᠯ ᠶᠠᠭᠠᠬᠢᠬᠤ ᠪᠤᠢ︖ ᠲᠥᠷᠥᠬᠦᠬᠡᠨ | ᠥᠪᠥᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠪᠤᠯᠠᠬ ᠪᠠᠭᠰᠢ ᠬᠤᠶᠠᠳᠤᠭᠠᠷ ᠥᠶ᠎ᠠ ᠶᠢᠨ ᠨᠡᠶᠢᠭᠡᠮ ᠤᠨ | ᠪᠠᠳᠤᠯᠠᠪᠤᠷᠢ ᠶᠢᠨ ᠺᠠᠷᠲ ᠢᠶᠠᠨ ᠵᠢᠯ ᠤᠨ ᠡᠬᠢᠨ ᠳᠤ ᠠᠪᠤᠬᠰᠠᠨ ᠪᠤᠯᠪᠠᠴᠤ ᠲᠤᠬᠠᠢ ᠶᠢᠨ ᠥᠶ᠎ᠠ ᠳᠤ ᠬᠠᠮᠢᠭ᠎ᠠ | ᠬᠠᠳᠠᠭᠠᠯᠠᠬᠰᠠᠨ ᠢᠶᠠᠨ ᠪᠤᠳᠤᠵᠥ ᠤᠯᠬᠤ ᠥᠬᠡᠢ ᠪᠤᠯᠵᠥ᠂ ᠰᠢᠨ᠎ᠠ ᠺᠠᠷᠲ ᠢ ᠬᠡᠬᠡᠭᠰᠡᠨ ᠪᠤᠯ ᠶᠠᠭᠠᠬᠢᠵᠥ ᠨᠥᠬᠦᠪᠤᠷᠢᠯᠡᠬᠦ | ᠲᠤᠬᠠᠢ ᠠᠰᠠᠭᠤᠵᠥ ᠪᠠᠶᠢᠯ᠎ᠠ᠃ | ᠬᠤᠯᠪᠤᠬᠳᠠᠯ ᠪᠥᠬᠦᠢ ᠰᠠᠯᠠᠭ᠎ᠠ ᠮᠥᠴᠢᠷ ᠤᠨ ᠠᠵᠢᠯᠳᠠᠨ ᠤ ᠲᠠᠨᠢᠯᠴᠠᠭᠤᠯᠤᠬᠰᠠᠨ ᠢᠶᠠᠷ᠂ 2018 ᠤᠨ ᠤ | 1 ᠰᠠᠷ᠎ᠠ ᠶᠢᠨ 1 ᠤ ᠡᠳᠤᠷ ᠠᠴᠠ ᠡᠮᠥᠨ᠎ᠠ ᠨᠢᠬᠡᠳᠤᠭᠡᠷ ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ ᠺᠠᠷᠲ ᠢᠶᠠᠨ | ᠬᠡᠬᠡᠭᠰᠡᠨ ᠪᠤᠯ ᠺᠠᠷᠲ ᠭᠡᠭᠡᠭᠰᠡᠨ ᠢᠯᠡᠷᠭᠡᠶᠢᠯᠠᠯᠳᠠ ᠶᠢᠨ ᠭᠠᠷ ᠬᠥᠢᠴᠡᠳᠭᠡᠯ ᠬᠢᠵᠥ ᠪᠤᠯᠤᠨ᠎ᠠ᠃ ᠡᠰᠡᠬᠦᠯ᠎ᠠ | ᠬᠥᠬᠡᠬᠤᠳᠠ ᠶᠢᠨ ᠬᠥᠮᠥᠨ ᠤ ᠬᠥᠴᠥᠨ ᠤ ᠡᠬᠢ ᠪᠡᠶᠡᠯᠢᠬ ᠪᠠ ᠨᠡᠶᠢᠭᠡᠮ ᠤᠨ ᠪᠠᠳᠤᠯᠠᠪᠤᠷᠢ ᠶᠢᠨ ᠬᠠᠮᠢᠶᠠᠷᠤᠯᠳᠠ ᠶᠢᠨ | ᠲᠤᠪᠴᠢᠶ᠎ᠠ ᠳᠤ ᠬᠥᠷᠴᠤ᠂ ᠺᠠᠷᠲ ᠭᠡᠭᠡᠭᠰᠡᠨ ᠢᠯᠡᠷᠭᠡᠶᠢᠯᠡᠯᠳᠠ ᠶᠢ ᠬᠥᠢᠴᠡᠳᠭᠡᠵᠥ ᠪᠤᠯᠤᠨ᠎ᠠ᠃ ᠨᠢᠬᠡᠳᠤᠭᠡᠷ | ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ ᠺᠠᠷᠲ ᠲᠤ ᠲᠠᠬᠢᠵᠥ ᠨᠥᠬᠦᠬᠦ ᠭᠠᠷ ᠬᠥᠢᠴᠡᠳᠭᠡᠯ ᠤᠨ ᠥᠢᠯᠡᠴᠢᠯᠡᠭᠡ | ᠬᠢᠬᠦ ᠥᠬᠡᠢ᠃ ᠬᠤᠳᠠ ᠶᠢᠨ ᠰᠠᠭᠤᠭᠠᠯᠢ ᠠᠷᠠᠳ 12333 ᠨᠤᠮᠧᠷᠳᠤ ᠤᠳᠠᠰᠤ ᠪᠠᠷ ᠬᠤᠶᠠᠳᠤᠭᠠᠷ ᠥᠶ᠎ᠠ ᠶᠢᠨ | ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠲᠤᠬᠠᠢ ᠥᠢᠯᠡᠴᠢᠯᠡᠭᠡᠨ ᠤ ᠪᠠᠶᠢᠳᠠᠯ ᠢ ᠠᠰᠠᠭᠤᠨ ᠯᠠᠪᠯᠠᠵᠥ ᠪᠤᠯᠤᠨ᠎ᠠ᠃ | ᠮᠥᠨ ᠴᠤ 12333 ᠨᠤᠮᠧᠷᠳᠤ ᠥᠢᠯᠡᠴᠢᠯᠡᠭᠡᠨ ᠤ ᠤᠳᠠᠰᠤ ᠪᠠᠷ ᠬᠤᠶᠠᠳᠤᠭᠠᠷ ᠥᠶ᠎ᠠ ᠶᠢᠨ ᠨᠡᠶᠢᠭᠡᠮ ᠤᠨ | ᠪᠠᠳᠤᠯᠠᠪᠤᠷᠢ ᠶᠢᠨ ᠺᠠᠷᠲ ᠢᠶᠠᠨ ᠬᠡᠭᠡᠭᠰᠡᠨ ᠢᠯᠡᠷᠭᠡᠶᠢᠯᠡᠯᠳᠠ ᠶᠢ ᠬᠢᠵᠥ ᠪᠤᠯᠤᠨ᠎ᠠ᠂ ᠬᠡᠭᠡᠭᠰᠡᠨ ᠢᠯᠡᠷᠭᠡᠶᠢᠯᠡᠯᠳᠠ | ᠬᠢᠭᠰᠡᠨ ᠤ ᠲᠠᠷᠠᠭ᠎ᠠ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠡᠬᠦᠷᠭᠡ ᠴᠢᠳᠠᠪᠬᠢ ᠶᠢ ᠨᠢ ᠪᠠᠷᠢᠨ ᠵᠤᠬᠰᠤᠭᠠᠨ᠎ᠠ᠃ | ᠬᠤᠶᠠᠳᠤᠭᠠᠷ ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ ᠺᠠᠷᠲ ᠢ ᠨᠥᠬᠦᠬᠦ ᠳᠤ᠂ ᠰᠢᠭᠤᠳ ᠲᠤᠮᠳᠠᠳᠤ ᠤᠯᠤᠰ ᠤᠨ | ᠪᠠᠩᠭᠢ ᠶᠢᠨ ᠺᠠᠷᠲ ᠲᠠᠷᠬᠠᠭᠠᠬᠤ ᠲᠥᠪ ᠲᠤ ᠬᠥᠷᠴᠤ ᠪᠥᠬᠦ ᠭᠠᠷ ᠬᠥᠢᠴᠡᠳᠭᠡᠯ ᠢ ᠬᠢᠵᠥ ᠪᠤᠯᠤᠨ᠎ᠠ᠃ ᠬᠤᠪᠢ | ᠬᠥᠮᠥᠨ ᠤ ᠮᠡᠳᠡᠭᠡ ᠵᠠᠩᠭᠢ ᠲᠠᠢ ᠥᠯᠥ ᠲᠤᠬᠢᠷᠠᠯᠴᠠᠬᠤ ᠵᠦᠢᠯ ᠪᠠᠶᠢᠪᠠᠯ ᠶᠠᠭᠠᠬᠢᠬᠤ ᠪᠤᠢ︖ ᠬᠥᠬᠡᠬᠤᠳᠠ ᠶᠢᠨ | ᠰᠠᠭᠤᠭᠠᠯᠢ ᠠᠷᠠᠳ ᠵᠠᠩ ᠤᠪᠤᠬᠳᠤ ᠶᠢᠨ ᠲᠤᠰᠬᠠᠬᠰᠠᠨ ᠢᠶᠠᠷ᠂ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ | ᠥᠢᠯᠡᠴᠢᠯᠡᠭᠡᠨ ᠤ ᠮᠠᠰᠢᠨ ᠲᠤᠨᠤᠬᠯᠠᠯ ᠤᠳ ᠳᠡᠭᠡᠷ᠎ᠡ ᠠᠴᠠ ᠲᠡᠬᠦᠨ ᠤ ᠠᠪᠤ ᠶᠢᠨ ᠬᠤᠶᠠᠳᠤᠭᠠᠷ ᠥᠶ᠎ᠠ ᠶᠢᠨ | ᠨᠡᠶᠢᠭᠡᠮ ᠤᠨ ᠪᠠᠳᠤᠯᠠᠪᠤᠷᠢ ᠶᠢᠨ ᠺᠠᠷᠲ ᠲᠠᠬᠢ ᠮᠡᠳᠡᠭᠡ ᠵᠠᠩᠭᠢ ᠶᠢ ᠨᠢ ᠠᠰᠠᠭᠤᠨ ᠯᠠᠪᠯᠠᠵᠥ ᠲᠠᠶᠢᠯᠬᠦ ᠥᠬᠡᠢ᠂ ᠤᠯᠠᠨ | ᠰᠠᠯᠠᠭ᠎ᠠ ᠮᠥᠴᠢᠷ ᠠᠴᠠ ᠠᠰᠠᠭᠤᠬᠰᠠᠨ ᠳᠤ ᠨᠡᠶᠢᠭᠡᠮ ᠤᠨ ᠪᠠᠳᠤᠯᠠᠪᠤᠷᠢ ᠶᠢᠨ ᠺᠠᠷᠲ ᠲᠠᠬᠢ ᠮᠡᠳᠡᠭᠡ ᠵᠠᠩᠭᠢ ᠪᠤᠯᠤᠨ | ᠬᠤᠪᠢ ᠬᠥᠮᠥᠨ ᠤ ᠮᠡᠳᠡᠭᠡ ᠵᠠᠩᠭᠢ ᠨᠢ ᠲᠤᠬᠢᠷᠡᠯᠴᠠᠬᠰᠠᠨ ᠥᠬᠡᠢ ᠠᠴᠠ ᠪᠤᠯᠤᠬᠰᠠᠨ ᠭᠡᠵᠡᠢ᠃ ᠡᠶᠢᠮᠥᠷᠬᠦ ᠪᠠᠶᠢᠳᠠᠯ | ᠲᠤᠯᠭᠠᠷᠠᠪᠠᠯ ᠶᠠᠭᠠᠬᠢᠬᠤ ᠪᠤᠢ︖ ᠬᠡᠵᠤ ᠵᠠᠩ ᠤᠪᠤᠬᠳᠤ ᠰᠠᠨᠳᠤᠷᠴᠤ ᠪᠠᠶᠢᠯ᠎ᠠ᠃ | ᠥᠢᠯᠠᠭᠠᠬᠰᠠᠨ ᠢᠶᠠᠷ᠂ ᠡᠶᠢᠮᠦᠷᠬᠦ ᠨᠡᠶᠢᠭᠡᠮ ᠤᠨ ᠪᠠᠳᠤᠯᠠᠪᠤᠷᠢ ᠶᠢᠨ ᠰᠢᠨ᠎ᠡ ᠺᠠᠷᠲ ᠢᠶᠠᠨ ᠭᠡᠷᠡᠭᠯᠡᠵᠥ ᠲᠠᠶᠢᠯᠬᠦ | ᠥᠬᠡᠢ ᠥᠵᠡᠭᠳᠡᠯ ᠬᠡᠷᠡᠭᠯᠡᠭᠴᠢᠳ ᠤᠨ ᠳᠤᠮᠳᠠ ᠴᠥᠬᠡᠨ ᠪᠤᠰᠤ ᠭᠠᠷᠴᠤ ᠪᠤᠢ᠃ ᠡᠨᠡ ᠨᠢ ᠨᠡᠶᠢᠭᠡᠮ ᠤᠨ | ᠪᠠᠳᠤᠯᠠᠪᠤᠷᠢ ᠶᠢᠨ ᠺᠠᠷᠲ ᠲᠠᠬᠢ ᠮᠡᠳᠡᠭᠡ ᠵᠠᠩᠭᠢ ᠪᠠ ᠬᠤᠪᠢ ᠬᠥᠮᠥᠨ ᠤ ᠮᠡᠳᠡᠭᠡ ᠵᠠᠩᠭᠢ ᠨᠢ ᠥᠯᠥ | ᠲᠤᠬᠢᠷᠠᠯᠴᠠᠬᠤ ᠠᠴᠠ ᠪᠤᠯᠤᠬᠰᠠᠨ ᠪᠠᠶᠢᠳᠠᠬ᠃ ᠡᠶᠢᠮᠥᠷᠬᠦ ᠪᠠᠶᠢᠳᠠᠯ ᠳᠤᠬᠢᠶᠠᠯᠳᠤᠪᠠᠯ ᠪᠡᠶ᠎ᠠ ᠶᠢᠨ ᠥᠨᠡᠮᠯᠠᠯ ᠢᠶᠠᠨ | ᠠᠪᠴᠤ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠭᠠᠷ ᠬᠥᠢᠴᠡᠳᠭᠡᠯ ᠬᠢᠬᠦ ᠪᠠᠶᠢᠭᠤᠯᠤᠮᠵᠢ ᠳᠤ ᠬᠥᠷᠴᠤ᠂ | ᠤᠤᠯ ᠤᠨ ᠨᠡᠶᠢᠭᠡᠮ ᠤᠨ ᠪᠠᠳᠤᠯᠠᠪᠤᠷᠢ ᠶᠢᠨ ᠺᠠᠷᠲ ᠢᠶᠠᠨ ᠬᠥᠴᠥᠨ ᠥᠬᠡᠢ ᠪᠤᠯᠭᠠᠬᠤ ᠭᠡᠷᠡᠭᠳᠠᠢ᠃ ᠤᠪᠤᠬ ᠨᠡᠷ᠎ᠠ᠂ | ᠪᠡᠶ᠎ᠠ ᠶᠢᠨ ᠥᠨᠡᠮᠯᠡᠯ ᠤᠨ ᠨᠤᠮᠧᠷ ᠨᠢ ᠵᠥᠷᠢᠭᠰᠡᠨ ᠪᠠᠶᠢᠪᠠᠯ᠂ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠭᠠᠷ | ᠬᠥᠢᠴᠡᠳᠭᠡᠯ ᠬᠢᠬᠦ ᠪᠠᠶᠢᠭᠤᠯᠤᠮᠵᠢ ᠠᠴᠠ ᠮᠡᠳᠡᠭᠡ ᠵᠠᠩᠭᠢ ᠶᠢ ᠬᠠᠯᠠᠨ ᠥᠬᠡᠷᠡᠴᠢᠯᠡᠬᠦ ᠥᠢᠯᠡᠴᠢᠯᠡᠭᠡ ᠬᠠᠨᠭ᠍ᠭᠠᠬᠤ | ᠪᠤᠯᠤᠨ᠎ᠠ᠃ ᠨᠡᠶᠢᠭᠡᠮ ᠤᠨ ᠪᠠᠳᠤᠯᠠᠪᠤᠷᠢ ᠶᠢᠨ ᠺᠠᠷᠲ ᠢᠶᠠᠨ ᠵᠥᠪ ᠢᠶᠠᠷ ᠭᠡᠷᠡᠭᠯᠡᠬᠦ ᠶᠢᠨ ᠤᠴᠢᠷ ᠲᠤ ᠨᠡᠶᠢᠭᠡᠮ ᠤᠨ | ᠲᠠᠭᠠᠳᠬᠠᠯ ᠪᠤᠯ ᠨᠡᠶᠢᠭᠡᠮ ᠤᠨ ᠪᠠᠳᠤᠯᠠᠪᠤᠷᠢ ᠶᠢᠨ ᠲᠥᠷᠢᠮ ᠤᠨ ᠨᠢᠭᠡᠨ ᠬᠠᠮᠤᠭ ᠤᠨ ᠴᠢᠬᠤᠯᠠ ᠪᠦᠷᠢᠯᠲᠦᠭᠦᠨ ᠬᠡᠰᠡᠭ | ᠪᠤᠯᠬᠤ ᠶᠤᠮ᠃ ᠡᠬᠦᠨ ᠳᠤ ᠨᠠᠰᠤᠵᠢᠯ ᠤᠨ ᠲᠠᠭᠠᠳᠬᠠᠯ᠂ ᠡᠮ ᠡᠮᠨᠡᠯᠭᠡ ᠶᠢᠨ ᠲᠠᠭᠠᠳᠬᠠᠯ᠂ ᠠᠵᠢᠯ ᠠᠯᠳᠠᠭᠰᠠᠳ ᠤᠨ | ᠲᠠᠭᠠᠳᠬᠠᠯ᠂ ᠠᠵᠢᠯ ᠢᠶᠠᠷ ᠰᠢᠷᠬᠠᠳᠤᠬᠰᠠᠳ ᠤᠨ ᠲᠠᠭᠠᠳᠬᠠᠯ ᠪᠠ ᠥᠷᠡᠵᠢᠯ ᠤᠨ ᠲᠠᠭᠠᠳᠬᠠᠯ ᠵᠡᠷᠭᠡ ᠲᠠᠪᠤᠨ | ᠲᠠᠭᠠᠳᠬᠠᠯ ᠢ ᠪᠠᠭᠳᠠᠭᠠᠵᠥ ᠪᠤᠢ᠃ ᠲᠠᠭᠠᠳᠬᠠᠯ ᠳᠤ ᠤᠷᠤᠯᠴᠠᠬᠰᠠᠳ ᠲᠤ ᠨᠡᠩ ᠰᠠᠶᠢᠨ ᠨᠡᠩ ᠲᠥᠬᠦᠮ ᠲᠥᠷᠭᠡᠨ | ᠥᠢᠯᠡᠴᠢᠯᠡᠭᠡ ᠬᠠᠨᠭ᠍ᠭᠠᠬᠤ ᠶᠢᠨ ᠲᠥᠯᠥᠭᠡ᠂ ᠬᠥᠬᠡᠬᠤᠳᠠ ᠶᠢᠨ ᠬᠤᠯᠪᠤᠬᠳᠠᠯ ᠪᠥᠬᠦᠢ ᠰᠠᠯᠠᠭ᠎ᠠ ᠮᠥᠴᠢᠷ ᠠᠴᠠ | ᠬᠤᠶᠠᠳᠤᠭᠠᠷ ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ ᠺᠠᠷᠲ ᠢ ᠡᠬᠢᠯᠡᠨ ᠲᠠᠷᠬᠠᠭᠠᠵᠥ᠂ ᠡᠮ ᠡᠮᠨᠡᠯᠭᠡ ᠶᠢᠨ | ᠵᠠᠷᠤᠳᠠᠯ ᠢ ᠰᠢᠭᠤᠳ ᠳ᠋ᠥᠡᠭᠨᠠᠨ ᠪᠤᠳᠤᠬᠤ ᠪᠠ ᠨᠠᠰᠤᠵᠢᠯ ᠤᠨ ᠲᠠᠭᠠᠳᠬᠠᠯ ᠤᠨ ᠬᠠᠷᠠᠮᠵᠢ ᠤᠯᠭᠤᠮᠵᠢ ᠶᠢ ᠲᠠᠷᠬᠠᠭᠠᠬᠤ | ᠥᠢᠯᠡᠴᠢᠯᠡᠭᠡᠨ ᠤ ᠠᠵᠢᠯ ᠢ ᠥᠷᠨᠢᠬᠦᠯᠵᠥ ᠡᠬᠢᠯᠡᠪᠠ᠃ ᠡᠨᠡ ᠨᠢ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ | ᠥᠢᠯᠡᠴᠢᠯᠡᠭᠡ ᠶᠢᠨ ᠬᠥᠷᠢᠶ᠎ᠠ ᠬᠡᠪᠴᠢᠶ᠎ᠠ ᠨᠡᠩ ᠥᠷᠭᠡᠵᠢᠭᠰᠡᠨ ᠢ ᠬᠠᠷᠠᠭᠤᠯᠵᠥ ᠪᠤᠢ᠃ ᠨᠡᠶᠢᠭᠡᠮ ᠤᠨ ᠪᠠᠳᠤᠯᠠᠪᠤᠷᠢ ᠶᠢᠨ | ᠺᠠᠷᠲ ᠤᠨ ᠡᠬᠦᠷᠭᠡ ᠴᠢᠳᠠᠪᠬᠢ ᠬᠦᠢᠴᠡᠳ ᠪᠤᠯᠵᠦ᠂ ᠮᠠᠨ ᠤ ᠡᠳᠤᠷ ᠲᠤᠳᠤᠮ ᠤᠨ ᠠᠮᠢᠳᠤᠷᠠᠯ ᠤᠨ ᠲᠤᠮᠳᠠ | ᠥᠷᠭᠡᠨ ᠢᠶᠠᠷ ᠭᠡᠷᠡᠭᠯᠡᠭᠳᠡᠵᠥ᠂ ᠪᠤᠰᠤᠳ ᠭᠠᠵᠠᠷ ᠲᠤ ᠡᠪᠡᠳᠴᠢᠨ ᠥᠵᠡᠬᠦᠯᠬᠦ᠂ ᠡᠮ ᠬᠤᠳᠠᠯᠳᠤᠨ ᠠᠪᠴᠤ | ᠪᠤᠯᠬᠤ ᠠᠴᠠ ᠭᠠᠳᠠᠨ᠎ᠠ ᠤᠰᠤ ᠴᠠᠬᠢᠯᠭᠠᠨ ᠤ ᠰᠦᠢᠳᠭᠡᠯ ᠲᠤᠰᠢᠶᠠᠬᠤ᠂ ᠨᠤᠮ ᠵᠢᠬᠡᠯᠡᠬᠦ᠂ ᠰᠥᠯᠵᠢᠶ᠎ᠠ ᠪᠠᠷ | ᠳ᠋ᠤᠭᠠᠷᠯᠠᠬᠤ᠂ ᠨᠠᠶᠢᠳᠠ ᠶᠢᠨ ᠮᠠᠰᠢᠨ ᠳᠤ ᠰᠠᠭᠤᠬᠤ ᠵᠡᠷᠭᠡ ᠤᠯᠠᠨ ᠲᠠᠯ᠎ᠠ ᠶᠢᠨ ᠡᠬᠦᠷᠭᠡ ᠴᠢᠳᠠᠪᠬᠢ ᠶᠢ ᠬᠥᠢᠴᠡᠳᠭᠡᠬᠦ | ᠪᠤᠯᠵᠥ ᠪᠤᠢ᠃ ᠬᠥᠮᠥᠨ ᠤ ᠬᠥᠴᠥᠨ ᠤ ᠡᠬᠢ ᠪᠠᠶᠠᠯᠢᠬ ᠪᠠ ᠨᠠᠶᠢᠭᠡᠮ ᠤᠨ ᠪᠠᠳᠤᠯᠠᠪᠤᠷᠢ ᠶᠢᠨ ᠶᠠᠮᠤᠨ ᠤ ᠪᠥᠷᠢᠳᠭᠡᠯ ᠢ | ᠥᠨᠳᠥᠰᠥᠯᠡᠪᠡᠯ᠂ ᠪᠥᠬᠦ ᠤᠯᠤᠰ ᠤᠨ ᠨᠡᠶᠢᠭᠡᠮ ᠤᠨ ᠪᠠᠳᠤᠯᠠᠪᠤᠷᠢ ᠶᠢᠨ ᠺᠠᠷᠲ ᠠᠪᠤᠬᠰᠠᠨ ᠬᠦ᠋ᠮᠥᠨ ᠤ ᠲᠤᠭ᠎ᠠ 9.75 | ᠳ᠋ᠥᠡᠭᠰᠢᠭᠤᠷ ᠲᠤ ᠬᠥᠷᠥᠭᠰᠡᠨ ᠪᠠᠶᠢᠨ᠎ᠠ᠃ | ᠤᠳᠤᠬᠠᠨ ᠳᠤ ᠨᠡᠶᠢᠭᠡᠮ ᠤᠨ ᠪᠠᠳᠤᠯᠠᠪᠤᠷᠢ ᠶᠢᠨ ᠬᠤᠯᠪᠤᠬᠳᠠᠯ ᠪᠥᠬᠦᠢ ᠰᠠᠯᠠᠭ᠎ᠠ ᠮᠥᠴᠢᠷ ᠠᠴᠠ ︽ᠲᠠᠪᠤᠨ | ᠲᠠᠭᠠᠳᠬᠠᠯ ᠤᠨ ᠭᠡᠷᠡᠴᠢ ᠶᠢ ᠨᠡᠶᠢᠳᠭᠡᠨ ᠲᠠᠩᠰᠠᠯᠠᠬᠤ︾ ᠲᠥᠷᠢᠮ ᠤᠨ ᠥᠬᠡᠷᠡᠴᠢᠯᠠᠯᠳᠠ ᠶᠢ ᠬᠥᠨᠵᠡᠬᠡᠢ ᠠᠬᠢᠭᠤᠯᠵᠥ᠂ | ᠨᠡᠶᠢᠭᠡᠮ ᠤᠨ ᠪᠠᠳᠤᠯᠠᠪᠤᠷᠢ ᠶᠢᠨ ᠥᠢᠯᠡᠴᠢᠯᠡᠭᠡᠨ ᠤ ᠪᠠᠷᠢᠮᠵᠢᠶᠠᠵᠢᠯᠳᠠ ᠶᠢᠨ ᠰᠢᠰᠲ᠋ᠧᠮ ᠢ ᠪᠥᠷᠢᠨᠰᠢᠬᠦᠯᠵᠥ᠂ | ᠨᠡᠶᠢᠭᠡᠮ ᠤᠨ ᠪᠠᠳᠤᠯᠠᠪᠤᠷᠢ ᠶᠢᠨ ᠭᠠᠷ ᠬᠥᠢᠴᠡᠳᠭᠡᠯ ᠬᠢᠬᠦ ᠲᠥᠷᠢᠮᠵᠢᠯᠳᠠ᠂ ᠮᠡᠳᠡᠭᠡ ᠵᠠᠩᠬᠢᠵᠢᠯᠳᠠ᠂ | ᠲᠤᠰᠬᠠᠢᠢᠵᠢᠯᠳᠠ ᠶᠢᠨ ᠲᠥᠪᠰᠢᠨ ᠢ ᠲᠡᠭᠡᠭᠰᠢᠯᠡᠬᠦᠯᠵᠥ᠂ ᠠᠷᠠᠳ ᠢᠷᠭᠡᠳ ᠲᠤ ᠨᠠᠩ ᠲᠥᠬᠦᠮ ᠥᠢᠯᠡᠴᠢᠯᠡᠭᠡ | ᠬᠠᠨᠭ᠍ᠭᠠᠬᠤ ᠪᠠᠷ ᠴᠢᠷᠮᠠᠶᠢᠵᠥ ᠪᠤᠢ᠃ ᠵᠡᠷᠢᠮ ᠬᠥᠮᠥᠰ ᠤᠨ ᠲᠤᠰᠬᠠᠬᠰᠠᠨ ᠢᠶᠠᠷ᠂ ᠬᠥᠬᠡᠬᠤᠳᠠ ᠶᠢᠨ ᠰᠠᠭᠤᠭᠠᠯᠢ | ᠠᠷᠠᠳ ᠤᠨ ᠲᠤᠮᠳᠠ ᠬᠤᠶᠠᠳᠤᠭᠠᠷ ᠥᠶ᠎ᠠ ᠶᠢᠨ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠭᠠᠷ ᠬᠥᠢᠴᠡᠳᠭᠡᠯ | ᠬᠢᠬᠦ ᠳᠤ ᠬᠠᠭᠤᠷᠮᠠᠬ ᠬᠡᠷᠡᠴᠢ ᠬᠠᠨᠭ᠍ᠭᠠᠬᠤ ᠪᠠ ᠠᠰᠢᠬᠯᠠᠬᠤ ᠶᠠᠪᠤᠴᠠ ᠳᠤ ᠬᠤᠳᠠᠯ ᠬᠠᠭᠤᠷᠮᠠᠬ ᠵᠦᠢᠯ ᠵᠤᠬᠢᠶᠠᠬᠤ ᠵᠢᠴᠢ | ᠨᠡᠶᠢᠭᠡᠮ ᠤᠨ ᠪᠠᠳᠤᠯᠠᠪᠤᠷᠢ ᠶᠢᠨ ᠺᠠᠷᠲ ᠪᠠ ᠡᠮ ᠡᠮᠨᠡᠯᠭᠡ ᠶᠢᠨ ᠲᠠᠭᠠᠳᠬᠠᠯ ᠤᠨ ᠺᠠᠷᠲ ᠢ ᠬᠤᠳᠬᠤᠯᠳᠤᠭᠤᠯᠤᠨ | ᠵᠠᠷᠤᠬᠤ ᠵᠡᠷᠭᠡ ᠲᠥᠪ ᠪᠤᠰᠤ ᠥᠵᠡᠭᠳᠡᠯ ᠢᠯᠡᠷᠡᠵᠥ᠂ ᠥᠢᠯᠡᠳᠪᠤᠷᠢᠯᠡᠯ ᠠᠮᠢᠳᠤᠷᠠᠯ ᠤᠨ ᠲᠤᠮᠳᠠ ᠴᠥᠬᠡᠨ ᠪᠤᠰᠤ | ᠠᠰᠠᠭᠤᠳᠠᠯ ᠭᠠᠷᠭᠠᠪᠠ᠃ ᠡᠷᠡᠬᠦᠥ ᠶᠢᠨ ᠬᠠᠤᠯᠢ ᠳᠤ ᠵᠠᠰᠠᠪᠤᠷᠢ ᠤᠷᠤᠭᠤᠯᠬᠤ ᠲᠥᠰᠥᠯ ︵ᠶᠢᠰᠥ︶ ᠳᠤ᠂ | ᠨᠡᠶᠢᠭᠡᠮ ᠤᠨ ᠪᠠᠳᠤᠯᠠᠪᠤᠷᠢ ᠶᠢᠨ ᠺᠠᠷᠲ ᠢᠶᠠᠷ ᠬᠠᠤᠯᠢ ᠶᠤᠰᠤᠭᠠᠷ ᠪᠡᠶ᠎ᠠ ᠶᠢᠨ ᠥᠨᠡᠮᠯᠡᠯ ᠤᠨ ᠡᠬᠦᠷᠬᠡ ᠴᠢᠳᠠᠪᠬᠢ ᠶᠢ | ᠬᠥᠢᠴᠡᠳᠭᠡᠵᠥ ᠪᠤᠯᠤᠨ᠎ᠠ᠃ ᠲᠡᠬᠦᠨ ᠢ ᠬᠠᠭᠤᠷᠮᠠᠬᠯᠠᠨ ᠵᠤᠬᠢᠶᠠᠬᠤ᠂ ᠥᠬᠡᠷᠡᠴᠢᠯᠡᠨ ᠵᠠᠷᠤᠬᠤ᠂ ︽ᠺᠠᠷᠲ ᠢᠶᠠᠷ | ᠠᠷᠠᠯᠵᠢᠶ᠎ᠠ ᠬᠢᠬᠦ︾ ᠵᠡᠷᠭᠡ ᠬᠠᠤᠯᠢ ᠪᠤᠰᠤ ᠠᠵᠢᠯᠯᠠᠭ᠎ᠠ ᠠᠴᠠ ᠬᠠᠤᠯᠢ ᠶᠤᠰᠤᠭᠠᠷ ᠡᠷᠡᠬᠦᠥ ᠶᠢᠨ ᠬᠠᠷᠢᠭᠤᠴᠠᠯᠭ᠎ᠠ | ᠨᠡᠭᠡᠮᠵᠢᠯᠡᠨ᠎ᠠ ᠬᠡᠵᠥ ᠲᠤᠬᠳᠠᠭᠠᠪᠠ᠃ | ᠡᠶᠢᠮᠥ ᠠᠴᠠ ᠭᠡᠷᠡᠭᠯᠡᠭᠴᠢᠳ ᠮᠠᠨᠢ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠡᠬᠦᠷᠭᠡ ᠴᠢᠳᠠᠪᠬᠢ ᠶᠢ | ᠰᠠᠶᠢᠳᠤᠷ ᠠᠰᠢᠬᠯᠠᠵᠥ᠂ ᠥᠢᠯᠡᠳᠪᠤᠷᠢᠯᠡᠯ ᠠᠮᠢᠳᠤᠷᠠᠯ ᠳᠠᠭᠠᠨ ᠨᠠᠩ ᠤᠨᠤᠪᠴᠢᠳᠠᠢ ᠭᠡᠷᠡᠭᠯᠡᠬᠦ ᠶᠢ ᠴᠢᠬᠤᠯᠠᠴᠢᠯᠠᠪᠠᠯ | ᠵᠤᠬᠢᠨ᠎ᠠ᠃ ᠬᠤᠯᠪᠤᠭᠠᠰᠤ ᠠᠰᠠᠭᠤᠨ ᠯᠠᠪᠯᠠᠭ᠎ᠠ ᠶᠢᠨ ᠥᠢᠯᠡᠴᠢᠯᠡᠭᠡ ᠶᠢᠨ ᠲᠠᠪᠴᠠᠩ ● ᠨᠡᠶᠢᠭᠡᠮ ᠤᠨ | ᠪᠠᠳᠤᠯᠠᠪᠤᠷᠢ ᠶᠢᠨ ᠺᠠᠷᠲ ᠤᠨ ᠥᠢᠯᠡᠴᠢᠯᠡᠭᠡ ᠶᠢᠨ ᠠᠰᠠᠭᠤᠨ ᠯᠠᠪᠯᠠᠭ᠎ᠠ ᠶᠢᠨ ᠤᠳᠠᠰᠤ 12333 ᠳᠤ ᠤᠳᠠᠰᠤᠳᠠᠵᠥ | ᠠᠰᠠᠭᠤᠨ ᠯᠠᠪᠯᠠᠵᠥ ᠪᠤᠯᠤᠨ᠎ᠠ᠃ ● ᠨᠡᠶᠢᠭᠡᠮ ᠤᠨ ᠪᠠᠳᠤᠯᠠᠪᠤᠷᠢ ᠶᠢᠨ ᠺᠠᠷᠲ ᠲᠠᠷᠬᠠᠭᠠᠬᠰᠠᠨ ᠪᠠᠩᠭᠢ ᠶᠢᠨ | ᠲᠤᠷ᠎ᠠ ᠶᠢᠨ ᠨᠢᠬᠡᠨ ᠡᠵᠡᠩᠨᠡᠯᠳᠠ ᠶᠢᠨ ᠲᠤᠤᠷ ᠴᠢᠬ ᠤᠨ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠲᠤᠰᠬᠠᠢ | ᠥᠢᠯᠡᠴᠢᠯᠡᠭᠡᠨ ᠤ ᠴᠤᠩᠬᠤᠪᠴᠢ ᠠᠴᠠ ᠠᠰᠠᠭᠤᠨ ᠯᠠᠪᠯᠠᠵᠥ ᠪᠤᠯᠤᠨ᠎ᠠ᠃ ● ᠬᠥᠬᠡᠬᠤᠳᠠ ᠶᠢᠨ ᠬᠥᠮᠥᠨ ᠤ | ᠬᠥᠴᠥᠨ ᠤ ᠡᠬᠢ ᠪᠡᠶᠡᠯᠢᠬ ᠪᠠ ᠨᠡᠶᠢᠭᠡᠮ ᠤᠨ ᠪᠠᠳᠤᠯᠠᠪᠤᠷᠢ ᠶᠢᠨ ᠬᠠᠮᠢᠶᠠᠷᠤᠯᠳᠠ ᠶᠢᠨ ᠲᠤᠪᠴᠢᠶ᠎ᠠ ᠶᠢᠨ ᠨᠡᠶᠢᠭᠡᠮ ᠤᠨ | ᠪᠠᠳᠤᠯᠠᠪᠤᠷᠢ ᠶᠢᠨ ᠺᠠᠷᠲ ᠤᠨ ᠥᠢᠯᠡᠴᠢᠯᠡᠭᠡᠨ ᠤ ᠴᠤᠩᠬᠤᠪᠴᠢ ᠠᠴᠠ ᠠᠰᠠᠭᠤᠨ ᠯᠠᠪᠯᠠᠵᠥ ᠪᠤᠯᠤᠨ᠎ᠠ᠃ ● ᠬᠤᠷᠰᠢᠨ | ᠠᠵᠢᠯᠯᠠᠬᠤ ᠪᠠᠩᠭᠢ ᠶᠢᠨ ᠲᠤᠰᠬᠠᠢ ᠥᠢᠯᠡᠴᠢᠯᠡᠭᠡᠨ ᠤ ᠬᠠᠯᠠᠮᠰᠢᠯ ᠤᠳᠠᠰᠤ ᠪᠠᠷ ᠲᠠᠮᠵᠢᠨ ᠠᠰᠠᠭᠤᠨ ᠯᠠᠪᠯᠠᠵᠥ ᠪᠤᠯᠤᠨ᠎ᠠ | ᠃ ᠨ᠊ᠡᠶᠢᠭᠡᠮ ᠤᠨ ᠪᠠᠳᠤᠯᠠᠪᠤᠷᠢ ᠶᠢᠨ ᠺᠠᠷᠲ ᠪᠠ ᠡᠮ ᠡᠮᠨᠡᠯᠭᠡ ᠶᠢᠨ ᠲᠠᠭᠠᠳᠬᠠᠯ ᠤᠨ ᠺᠠᠷᠲ ᠤᠨ ᠢᠯᠭᠠᠭ᠎ᠠ ● ᠡᠮ | ᠡᠮᠨᠡᠯᠭᠡ ᠶᠢᠨ ᠲᠠᠭᠠᠳᠬᠠᠯ ᠤᠨ ᠺᠠᠷᠲ ᠪᠤᠯ ᠬᠥᠮᠤᠰ ᠤᠨ ᠡᠳᠤᠷ ᠲᠤᠳᠤᠮ ᠤᠨ ᠡᠪᠡᠳᠴᠢᠨ ᠥᠵᠡᠬᠦᠯᠬᠦ ᠳᠤ | ᠬᠤᠳᠠᠯᠳᠤᠨ ᠠᠪᠤᠬᠰᠠᠨ ᠴᠢᠬᠤᠯᠠ ᠭᠡᠷᠡᠴᠢ ᠪᠠᠷᠢᠮᠳᠠ ᠪᠤᠯᠬᠤ ᠶᠤᠮ᠃ ᠡᠮ ᠡᠮᠨᠡᠯᠭᠡ ᠶᠢᠨ ᠲᠠᠭᠠᠳᠬᠠᠯ ᠤᠨ ᠬᠤᠪᠢ | ᠬᠥᠮᠥᠨ ᠤ ᠲᠠᠩᠰᠠᠨ ᠤ ᠠᠴᠢᠶᠠᠯᠠᠪᠤᠷᠢ᠂ ᠲᠠᠭᠠᠳᠬᠠᠯ ᠳᠤ ᠤᠷᠤᠯᠴᠠᠬᠰᠠᠨ ᠬᠥᠮᠥᠨ ᠤ ᠥᠨᠳᠥᠰᠤᠨ ᠮᠡᠳᠡᠭᠡ | ᠵᠠᠩᠭᠢ ᠶᠢ ᠲᠡᠮᠳᠡᠭᠯᠡᠳᠡᠭ᠃ | ᠡᠬᠦᠨ ᠳᠤ ᠬᠤᠪᠢ ᠬᠥᠮᠥᠨ ᠤ ᠲᠤᠰᠢᠶᠠᠬᠰᠠᠨ ᠥᠨᠳᠥᠰᠥᠨ ᠡᠮ ᠡᠮᠨᠡᠯᠭᠡ ᠶᠢᠨ ᠲᠠᠭᠠᠳᠬᠠᠯ ᠤᠨ ᠵᠠᠷᠤᠳᠠᠯ᠂ | ᠪᠠᠶᠢᠭᠤᠯᠤᠯᠭ᠎ᠠ ᠨᠢᠬᠡᠴᠡ ᠠᠴᠠ ᠨᠢ ᠲᠤᠰᠢᠶᠠᠬᠰᠠᠨ ᠥᠨᠳᠥᠰᠥᠨ ᠡᠮ ᠡᠮᠨᠡᠯᠭᠡ ᠶᠢᠨ ᠲᠠᠭᠠᠳᠬᠠᠯ ᠤᠨ ᠵᠤᠭᠤᠰ᠂ | ᠪᠤᠰᠤᠳ ᠪᠡᠯᠡ ᠮᠥᠡᠭᠭᠦ᠂ ᠠᠰᠢᠬ ᠭᠠᠶᠢᠯᠢ ᠵᠡᠷᠭᠡ ᠶᠢ ᠪᠠᠭᠳᠠᠭᠠᠳᠠᠬ᠃ ᠲᠡᠷᠡ ᠪᠤᠯ ᠲᠠᠭᠠᠳᠬᠠᠯ ᠳᠤ ᠤᠷᠤᠯᠴᠠᠬᠰᠠᠨ | ᠬᠥᠮᠥᠰ ᠲᠤ ᠬᠢᠭᠰᠡᠨ ᠥᠨᠳᠥᠰᠤᠨ ᠡᠮ ᠡᠮᠨᠡᠯᠭᠡ ᠶᠢᠨ ᠭᠡᠷᠡᠭᠯᠡᠭᠡ ᠳᠤ ᠵᠤᠷᠢᠭᠤᠯᠤᠬᠰᠠᠨ ᠮᠥᠡᠭᠭᠦᠨ ᠬᠥᠢᠯᠭᠡᠭᠡ ᠶᠢᠨ | ᠪᠤᠰᠤ ᠲᠤᠰᠬᠠᠢ ᠭᠡᠷᠡᠭᠯᠡᠭᠡᠨ ᠤ ᠺᠠᠷᠲ ᠪᠤᠯᠬᠤ ᠶᠤᠮ᠃ ● ᠨᠡᠶᠢᠭᠡᠮ ᠤᠨ ᠪᠠᠳᠤᠯᠠᠪᠤᠷᠢ ᠶᠢᠨ ᠺᠠᠷᠲ ᠪᠤᠯ ᠬᠥᠳᠡᠯᠮᠥᠷᠢ | ᠪᠤᠯᠤᠨ ᠨᠡᠶᠢᠭᠡᠮ ᠤᠨ ᠪᠠᠳᠤᠯᠠᠪᠤᠷᠢ ᠶᠢᠨ ᠶᠠᠮᠤᠨ ᠠᠴᠠ ᠨᠢᠭᠡᠳᠤᠯᠳᠠᠢ ᠲᠥᠯᠥᠪᠵᠢᠬᠦᠯᠵᠥ᠂ ᠡᠯ᠎ᠠ ᠭᠠᠵᠠᠷ ᠤᠷᠤᠨ ᠤ | ᠬᠥᠳᠡᠯᠮᠥᠷᠢ ᠶᠢᠨ ᠪᠠᠳᠤᠯᠠᠪᠤᠷᠢ ᠶᠢᠨ ᠰᠠᠯᠠᠭ᠎ᠠ ᠮᠥᠴᠢᠷ ᠨᠡᠶᠢᠭᠡᠮ ᠳᠤ ᠬᠠᠨᠳᠤᠭᠤᠯᠤᠨ ᠲᠠᠷᠬᠠᠭᠠᠬᠰᠠᠨ ᠬᠥᠳᠡᠯᠮᠥᠷᠢ ᠪᠠ | ᠨᠡᠶᠢᠭᠡᠮ ᠤᠨ ᠪᠠᠳᠤᠯᠠᠪᠤᠷᠢ ᠶᠢᠨ ᠡᠯ᠎ᠠ ᠵᠦᠢᠯ ᠤᠨ ᠥᠢᠯᠡᠴᠢᠯᠡᠭᠡᠨ ᠤ ᠬᠥᠷᠢᠶ᠎ᠠ ᠳᠤ ᠭᠡᠷᠡᠭᠯᠡᠬᠦ ᠤᠯᠠᠨ ᠡᠬᠦᠷᠭᠡ | ᠴᠢᠳᠠᠪᠬᠢᠳᠤ ᠺᠠᠷᠲ ︵IC ᠺᠠᠷᠲ︶ ᠪᠤᠯᠤᠨ᠎ᠠ᠃ ᠡᠬᠦᠨ ᠳᠤ ᠬᠤᠳᠠ ᠪᠠᠯᠭᠠᠰᠤᠨ ᠤ ᠠᠵᠢᠯ ᠠᠯᠪᠠ ᠬᠠᠭᠠᠬᠰᠠᠳ᠂ | ᠠᠵᠢᠯ ᠠᠯᠳᠠᠬᠰᠠᠳ ᠪᠠ ᠠᠵᠢᠯ ᠠᠴᠠ ᠪᠠᠨ ᠲᠠᠷᠬᠠᠯᠠᠬᠳᠠᠬᠰᠠᠨ ᠠᠵᠢᠯ ᠠᠴᠠ ᠪᠠᠨ ᠠᠮᠠᠷᠠᠬᠰᠠᠳ ᠲᠤ ᠲᠠᠷᠬᠠᠭᠠᠬᠰᠠᠨ | ᠨᠠᠶᠢᠭᠡᠮ ᠤᠨ ᠪᠠᠳᠤᠯᠠᠪᠤᠷᠢ ︵ᠬᠤᠪᠢ ᠬᠥᠮᠥᠨ︶ ᠶᠢᠨ ᠺᠠᠷᠲ᠂ ᠠᠵᠢᠯᠳᠠᠨ ᠭᠡᠷᠡᠭᠯᠡᠬᠦ ᠪᠠᠶᠢᠭᠤᠯᠤᠯᠭ᠎ᠠ ᠠᠴᠠ | ᠲᠠᠷᠬᠠᠭᠠᠬᠰᠠᠨ ᠨᠡᠶᠢᠭᠡᠮ ᠤᠨ ᠪᠠᠳᠤᠯᠠᠪᠤᠷᠢ ︵ᠠᠵᠢᠯᠳᠠᠨ ᠭᠡᠷᠡᠭᠯᠡᠬᠦ ᠪᠠᠶᠢᠭᠤᠯᠤᠯᠭ᠎ᠠ︶ ᠶᠢᠨ ᠺᠠᠷᠲ ᠢ ᠪᠠᠭᠳᠠᠭᠠᠵᠥ ᠪᠤᠢ | ᠃ ● ᠡᠮ ᠡᠮᠨᠡᠯᠭᠡ ᠶᠢᠨ ᠲᠠᠭᠠᠳᠬᠠᠯ ᠤᠨ ᠺᠠᠷᠲ ᠢ ᠠᠯᠭᠤᠷ ᠢᠶᠠᠷ ᠬᠥᠴᠥᠨ ᠥᠬᠡᠢ ᠪᠤᠯᠭᠠᠵᠥ ᠪᠤᠢ᠂ ᠤᠳᠤᠬᠠᠨ ᠳᠤ | ᠴᠥᠭᠡᠨ ᠪᠤᠰᠤ ᠭᠠᠵᠠᠷ ᠤᠷᠤᠨ ᠨᠢᠬᠡᠨᠳᠠ ᠬᠥᠴᠥᠨ ᠥᠬᠡᠢ ᠪᠤᠯᠭᠠᠵᠥ᠂ ᠨᠡᠶᠢᠭᠡᠮ ᠤᠨ ᠪᠠᠳᠤᠯᠠᠪᠤᠷᠢ ᠶᠢᠨ ᠺᠠᠷᠲ ᠢᠶᠠᠷ | ᠰᠤᠯᠢᠵᠥ ᠪᠤᠢ᠃ ᠲᠠᠷᠤᠢ ᠨᠡᠶᠢᠭᠡᠮ ᠤᠨ ᠪᠠᠳᠤᠯᠠᠪᠤᠷᠢ ᠶᠢᠨ ᠺᠠᠷᠲ ᠤᠨ ᠲᠤᠩ ᠤᠯᠠᠨ ᠡᠬᠦᠷᠭᠡ ᠴᠢᠳᠠᠪᠬᠢ ᠲᠠᠢ ᠪᠠᠶᠢᠵᠥ | ᠂ ᠡᠮ ᠡᠮᠨᠡᠯᠭᠡ ᠶᠢᠨ ᠲᠠᠭᠠᠳᠬᠠᠯ ᠤᠨ ᠺᠠᠷᠲ ᠤᠨ ᠡᠬᠦᠷᠭᠡ ᠴᠢᠳᠠᠪᠬᠢ ᠶᠢ ᠪᠠᠭᠳᠠᠭᠠᠬᠰᠠᠨ ᠪᠠᠶᠢᠳᠠᠬ᠃ | |