ᠬᠦᠨᠳᠡᠯᠡᠨ ᠲᠤᠭᠤᠷᠢᠭ ᠲᠠᠪᠤᠨ ᠰᠠᠷ᠎ᠠ ᠶᠢᠨ ᠠᠷᠪᠠᠨ ᠲᠦᠷᠪᠡᠨ ᠳᠤ ᠭᠠᠴᠠᠭ᠎ᠠ ᠲᠤᠰᠬᠤᠨ ︵ ᠰᠠᠭᠤᠭᠠᠯᠢ ᠠᠷᠠᠳ ᠲᠤᠭᠤᠷᠢᠭ︶᠎ ᠤ ᠬᠤᠶᠠᠷ ᠪᠠᠭ ᠤᠨ ᠰᠤᠩᠭᠤᠭᠤᠯᠢ ᠶᠢᠨ ᠠᠵᠢᠯ ᠤᠨ ᠠᠩᠬᠠᠳᠠᠭᠴᠢ ᠤᠳᠠᠭᠠᠨ ᠤ ᠪᠠᠢᠳᠠᠯ ᠢ ᠲᠤᠰᠬᠠᠬᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2018-05-18

      ᠬᠦᠨᠳᠡᠯᠡᠨ ᠲᠤᠭᠤᠷᠢᠭ ᠲᠠᠪᠤᠨ ᠰᠠᠷ᠎ᠠ ᠶᠢᠨ ᠠᠷᠪᠠᠨ ᠲᠦᠷᠪᠡᠨ ᠳᠤ ᠭᠠᠴᠠᠭ᠎ᠠ ᠲᠤᠰᠬᠤᠨ ︵ᠰᠠᠭᠤᠭᠠᠯᠢ

ᠠᠷᠠᠳ ᠲᠤᠭᠤᠷᠢᠭ︶᠎ ᠤ ᠬᠤᠶᠠᠷ ᠪᠠᠭ ᠤᠨ ᠰᠤᠩᠭᠤᠭᠤᠯᠢ ᠶᠢᠨ ᠠᠵᠢᠯ ᠤᠨ ᠠᠩᠬᠠᠳᠠᠭᠴᠢ ᠤᠳᠠᠭᠠᠨ ᠤ ᠪᠠᠢᠳᠠᠯ ᠢ

ᠲᠤᠰᠬᠠᠬᠤ ᠬᠤᠷᠠᠯ ᠬᠤᠷᠠᠯᠳᠤᠪᠠ᠃

      ᠲᠤᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ ᠵᠠᠩ ᡁᠢ ᠭᠠᠨᠭ᠌ ᠬᠤᠷᠠᠯ ᠡᠷᠬᠢᠯᠡᠨ ᠶᠠᠷᠢᠶ᠎ᠠ ᠲᠠᠯᠪᠢᠪᠠ᠃

ᠲᠤᠭᠤᠷᠢᠭ ᠤᠨ ᠤᠳᠤᠷᠢᠳᠤᠯᠭ᠎ᠠ ᠰᠢᠤᠢ ᠶᠢᠦ ᠴᠢᠩ᠂ ᠶᠠᠩ ᠭᠤᠸᠠᠩ ᠸᠧᠨ᠂ ᠪᠠᠢ ᠷᠦᠨ ᠡᠾᠦ᠋ᠩ᠂ ᠸᠠᠩ ᠸᠧᠢ᠂

ᠯᠢᠦ ᠰᠢᠶᠤᠤ ᠫᠢᠩ᠂ ᠯᠢᠦ ᠹᠧᠩ ᠬᠤᠷᠠᠯ ᠳᠤ ᠰᠠᠭᠠᠳᠠᠵᠤ᠂ ᠰᠤᠩᠭᠤᠭᠤᠯᠢ ᠶᠢᠨ ᠠᠵᠢᠯ ᠤᠨ ᠤᠳᠤᠷᠢᠳᠬᠤ ᠪᠠᠭ᠎ᠠ

ᠲᠤᠭᠤᠢᠯᠠᠩ ᠪᠠ ᠬᠢᠨᠠᠨ ᠪᠠᠢᠴᠠᠭᠠᠬᠤ ᠲᠤᠭᠤᠢᠯᠠᠩ ᠤᠨ ᠪᠦᠷᠢᠯᠳᠤᠭᠦᠨ ᠨᠠᠷ ᠬᠤᠷᠠᠯ ᠳᠤ ᠤᠷᠤᠯᠴᠠᠪᠠ᠃

ᠲᠤᠭᠤᠷᠢᠭ ᠤᠨ ᠨᠠᠮ ᠤᠨ ᠬᠤᠷᠢᠶᠠᠨ ᠤ ᠭᠡᠰᠢᠭᠦᠨ᠂ ᠵᠤᠬᠢᠶᠠᠨ ᠪᠠᠢᠭᠤᠯᠬᠤ ᠬᠡᠯᠳᠡᠰ ᠤᠨ ᠲᠠᠷᠤᠭ᠎ᠠ ᠶᠠᠩ ᠭᠤᠸᠠᠩ

ᠸᠧᠨ ᠬᠦᠨᠳᠡᠯᠡᠨ ᠲᠤᠭᠤᠷᠢᠭ ᠤᠨ ᠭᠠᠴᠠᠭ᠎ᠠ ᠲᠤᠰᠬᠤᠨ ᠤ ︵ᠰᠠᠭᠤᠭᠠᠯᠢ ᠠᠷᠠᠳ ᠤᠨ ᠲᠤᠭᠤᠷᠢᠭ︶ ︽ᠬᠤᠶᠠᠷ ᠪᠠᠭ

︾᠎ ᠤᠨ ᠰᠤᠩᠭᠤᠭᠤᠯᠢ ᠶᠢᠨ ᠠᠵᠢᠯ ᠤᠨ ᠠᠬᠢᠴᠠ ᠶᠢᠨ ᠪᠠᠢᠳᠠᠯ ᠢ ᠲᠤᠰᠬᠠᠨ᠂ ᠲᠠᠷᠠᠭᠠᠴᠢ ᠶᠢᠨ ᠠᠵᠢᠯ ᠢ

ᠪᠠᠢᠷᠢᠯᠠᠭᠤᠯᠪᠠ᠃

      ᠵᠠᠩ ᡁᠢ ᠭᠠᠩ ᠠᠴᠠ ᠲᠡᠭᠡᠳᠤ ᠬᠡᠮᠵᠢᠶᠡᠨ ᠤ ᠬᠠᠷᠢᠭᠤᠴᠠᠯᠭᠠᠳᠤ ᠰᠡᠳᠬᠢᠯᠭᠡ ᠪᠠᠷ ᠲᠡᠭᠡᠳᠤ ᠱᠠᠳᠤᠨ ᠤ

ᠱᠠᠭᠠᠷᠳᠠᠯᠭ᠎ᠠ ᠪᠠ ᠴᠠᠭ ᠬᠤᠭᠤᠴᠠᠭᠠᠨ ᠤ ᠲᠡᠰ ᠲᠠᠷᠠᠭ᠎ᠠ ᠪᠠᠷ ᠰᠤᠩᠭᠤᠭᠤᠯᠢ ᠶᠢᠨ ᠠᠵᠢᠯ ᠢᠶᠠᠨ ᠲᠦᠯᠬᠢᠨ

ᠠᠬᠢᠭᠤᠯᠬᠤ ᠬᠡᠷᠡᠭᠲᠠᠢ ᠭᠡᠵᠤ ᠱᠠᠭᠠᠷᠳᠠᠪᠠ᠃ ᠰᠤᠩᠭᠤᠭᠤᠯᠢ ᠶᠢᠨ ᠲᠡᠰ ᠲᠠᠷᠠᠭ᠎ᠠ ᠶᠢ ᠴᠢᠩᠭ᠎ᠠ ᠪᠠᠷᠢᠮᠲᠠᠯᠠᠨ

ᠲᠤᠭᠳᠠᠭᠰᠠᠨ ᠴᠠᠭ ᠬᠤᠭᠤᠴᠠᠭᠠᠨ ᠳᠤ ᠡᠯ᠎ᠡ ᠵᠦᠯ ᠤᠨ ᠠᠵᠢᠯ ᠢᠶᠠᠨ ᠡᠷᠬᠡᠪᠡᠰᠢ ᠪᠡᠶᠡᠯᠡᠭᠦᠯᠬᠦ ᠬᠡᠷᠡᠭᠲᠠᠢ᠃

ᠭᠤᠤᠯᠲᠠᠯᠭ᠎ᠠ ᠶᠢ ᠲᠤᠪᠦ᠋ᠯᠭᠠᠨ᠂ ᠭᠤᠤᠯᠳᠠᠯᠭ᠎ᠠ ᠶᠢ ᠲᠤᠰᠬᠤᠨ᠂ ᠬᠦᠴᠢᠷᠳᠡᠯᠲᠠᠢ ᠲᠤᠰᠬᠤᠨ ᠤ ᠰᠤᠩᠭᠤᠭᠤᠯᠢ ᠶᠢᠨ

ᠠᠵᠢᠯ ᠢ ᠰᠠᠢᠳᠤᠷ ᠬᠢᠵᠤ ᠲᠤᠰᠬᠤᠨ ᠨᠢᠬᠡᠪᠤᠷᠢ ᠳᠤ ᠬᠦᠨᠵᠡᠭᠡᠢᠷᠡᠨ ᠪᠠᠢᠴᠠᠭᠠᠨ ᠰᠤᠳᠤᠯᠤᠯᠲᠠ ᠬᠢᠵᠤ ᠤᠷᠤᠰᠢᠵᠤ

ᠪᠠᠢᠭ᠎ᠠ ᠠᠰᠠᠭᠤᠳᠠᠯ ᠳᠤ ᠵᠦᠢ ᠵᠤᠬᠢᠰᠲᠠᠢ ᠠᠷᠭ᠎ᠠ ᠬᠡᠮᠵᠢᠶ᠎ᠡ ᠠᠪᠴᠤ ᠰᠢᠢᠳᠪᠤᠷᠢᠯᠡᠬᠦ ᠬᠡᠷᠡᠭᠲᠠᠢ᠃ ᠡᠯ᠎ᠡ ᠬᠢᠨᠠᠨ

ᠪᠠᠢᠴᠠᠭᠠᠬᠤ ᠲᠤᠭᠤᠢᠯᠠᠩ ᠪᠤᠯᠤᠨ ᠪᠦᠷᠢᠯᠳᠤᠭᠦᠨ ᠨᠢᠬᠡᠴᠡ ᠨᠢ ᠦᠪᠡᠷ ᠤᠨ ᠤᠢᠯᠡᠳᠤᠯ ᠢᠶᠠᠨ ᠰᠠᠢᠳᠤᠷ ᠪᠠᠳᠠᠷᠠᠭᠤᠯᠵᠤ

ᠤᠳᠤᠷᠢᠳᠤᠯᠭ᠎ᠠ ᠪᠠᠨ ᠴᠢᠩᠭᠠᠳᠬᠠᠨ ᠲᠤᠬᠠᠢ ᠶᠢᠨ ᠭᠠᠵᠠᠷ ᠲᠤ ᠨᠢ ᠰᠠᠭᠤᠭ᠎ᠠ ᠨᠢᠭᠡᠳᠤᠭᠡᠷ ᠱᠦᠵᠢ ᠰᠤᠩᠭᠤᠭᠤᠯᠢ ᠶᠢᠨ

ᠠᠵᠢᠯ ᠳᠤ ᠰᠠᠢᠳᠤᠷ ᠬᠠᠪᠰᠤᠷᠬᠤ ᠬᠡᠷᠡᠭᠲᠠᠢ᠃ ᠰᠤᠩᠭᠤᠭᠤᠯᠢ ᠶᠢᠨ ᠲᠦᠷᠢᠮ ᠢ ᠴᠢᠩᠭ᠎ᠠ ᠪᠠᠷᠢᠮᠳᠠᠯᠠᠨ

ᠰᠤᠩᠭᠤᠭᠤᠯᠢ ᠶᠢᠨ ᠠᠬᠢᠴᠠ ᠶᠢ ᠪᠠᠳᠤᠯᠠᠨ ᠲᠦᠷᠢᠮ ᠲᠤᠭᠳᠠᠭᠠᠯ ᠢ ᠲᠡᠷᠢᠭᠦᠨ ᠪᠠᠢᠷᠢ ᠳᠤ ᠲᠠᠯᠪᠢᠵᠦ ︽ᠠᠭᠤᠴᠢᠯᠠᠰᠢ

ᠦᠭᠡᠢ︾ ᠤᠯᠤᠰ ᠲᠦᠷᠤ ᠶᠢᠨ ᠤᠪᠥᠷ ᠢᠶᠠᠷ ᠬᠠᠨᠳᠤᠵᠤ ᠡᠯ᠎ᠡ ᠶᠠᠪᠤᠴᠠ ᠳᠠᠬᠢ ᠠᠵᠢᠯ ᠤᠨ ᠲᠡᠰ ᠲᠠᠷᠠᠭ᠎ᠠ ᠶᠢ

ᠴᠢᠬᠤᠯᠠᠴᠢᠯᠠᠨ ᠲᠦᠪ ᠴᠢᠬᠡᠴᠢ ᠰᠤᠩᠭᠤᠭᠤᠯᠢ ᠶᠢᠨ ᠰᠤᠷᠳᠠᠯ ᠢ ᠪᠤᠢ ᠪᠤᠯᠭᠠᠬᠤ ᠬᠡᠷᠡᠭᠲᠠᠢ᠃ ᠶᠠᠷᠢᠶ᠎ᠠ ᠬᠡᠯᠡᠯᠴᠡᠭᠡᠨ ᠤ

ᠭᠤᠤᠯ ᠪᠤᠯᠬᠤ ᠤᠢᠯᠡᠳᠤᠯ ᠢ ᠠᠰᠢᠭᠯᠠᠨ ᠵᠦᠪ ᠲᠠᠯ᠎ᠠ ᠶᠢᠨ ᠤᠬᠠᠭᠤᠯᠭ᠎ᠠ ᠶᠢᠨ ᠠᠵᠢᠯ ᠢ ᠰᠠᠢᠳᠤᠷ ᠬᠢᠵᠤ

ᠪᠤᠰᠤᠳᠴᠢ ᠪᠠᠷ ᠰᠤᠩᠭᠤᠭᠤᠯᠢ ᠶᠢᠨ ᠠᠵᠢᠯ ᠢ ᠤᠯᠠᠨ ᠲᠦᠮᠡᠨ ᠳᠤ ᠭᠤᠤᠯᠴᠢ ᠪᠠᠷ ᠨᠡᠢᠳᠡᠯᠡᠬᠦ ᠬᠡᠷᠡᠭᠲᠠᠢ ᠭᠡᠵᠡᠢ᠃

      ᠶᠠᠩ ᠭᠤᠸᠠᠩ ᠸᠧᠨ ᠪᠠᠰᠠ ᠡᠯ᠎ᠡ ᠵᠡᠭᠡᠯᠢ ᠭᠤᠳᠤᠮᠵᠢ ᠪᠠᠯᠭᠠᠰᠤ ᠨᠢ ᠠᠵᠢᠯ ᠤᠨ ᠠᠬᠢᠴᠠ ᠶᠤᠰᠤᠭᠠᠷ ᠲᠠᠪᠤᠨ

ᠰᠠᠷ᠎ᠠ ᠶᠢᠨ ᠠᠷᠪᠠᠨ ᠵᠢᠷᠭᠤᠭᠠᠨ ᠠᠴᠠ ᠡᠮᠤᠨ᠎ᠡ ᠰᠤᠩᠭᠤᠭᠤᠯᠢ ᠶᠢᠨ ᠠᠵᠢᠯ ᠤᠨ ᠲᠠᠢᠴᠢᠯᠠᠯᠳᠠ ᠪᠠ

ᠲᠤᠬᠢᠷᠠᠭᠤᠯᠤᠯᠲᠠ ᠶᠢᠨ ᠠᠵᠢᠯ ᠢ ᠦᠨᠳᠤᠷ ᠦᠷ᠎ᠡ ᠪᠦᠳᠤᠮᠵᠢ ᠲᠠᠢ ᠪᠡᠶᠡᠯᠡᠭᠦᠯᠬᠦ ᠬᠡᠷᠡᠭᠲᠠᠢ᠃ ᠲᠦᠷᠦ ᠶᠢᠨ

ᠪᠤᠳᠤᠯᠭ᠎ᠠ ᠶᠢᠨ ᠱᠠᠭᠠᠷᠲᠠᠯᠭ᠎ᠠ ᠶᠤᠰᠤᠭᠠᠷ ᠡᠯ᠎ᠡ ᠭᠠᠴᠠᠭ᠎ᠠ ᠲᠤᠰᠬᠤᠨ ᠤ ︵ᠰᠠᠭᠤᠭᠠᠯᠢ ᠠᠷᠠᠳ ᠤᠨ ᠲᠤᠭᠤᠷᠢᠭ︶

ᠲᠤᠰᠢᠶᠠᠯ ᠠᠴᠠ ᠪᠠᠨ ᠪᠠᠭᠤᠬᠤ ᠬᠦᠮᠤᠰ ᠤᠨ ᠠᠵᠢᠯ ᠠᠴᠠ ᠰᠠᠯᠬᠤ ᠬᠢᠨᠠᠨ ᠪᠤᠳᠤᠯᠲᠠ ᠶᠢ ᠰᠠᠢᠳᠤᠷ ᠬᠢᠬᠦ ᠬᠡᠷᠡᠭᠲᠠᠢ

ᠮᠦᠷᠲᠡᠭᠡᠨ ᠡᠯ᠎ᠡ ᠠᠵᠢᠯ ᠤᠨ ᠤᠳᠤᠷᠢᠳᠬᠤ ᠪᠠᠭ᠎ᠠ ᠲᠤᠭᠤᠢᠯᠠᠩ ᠡᠭᠦᠷᠭᠡ ᠬᠠᠷᠢᠭᠤᠴᠠᠯᠭ᠎ᠠ ᠪᠠᠨ ᠤᠯᠠᠮ ᠨᠢᠭᠡ

ᠠᠯᠬᠤᠮ ᠲᠤᠳᠤᠷᠬᠠᠢᠯᠠᠵᠤ ᠬᠠᠮᠢᠶ᠎ᠠ ᠪᠦᠬᠦᠢ ᠠᠵᠢᠯ ᠢᠶᠠᠨ ᠰᠠᠢᠳᠤᠷ ᠬᠢᠬᠦ ᠬᠡᠷᠡᠭᠲᠠᠢ ᠭᠡᠵᠦ ᠱᠠᠭᠠᠷᠲᠠᠭᠰᠠᠨ ᠪᠠᠢᠨ᠎ᠠ᠃

 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号