ᠡᠪᠡᠳᠭᠡᠯ ᠦᠭᠡᠢ ᠬᠦᠡᠭᠭᠡᠵᠢᠬᠦᠯᠬᠦ ᠮᠡᠷᠭᠡᠵᠢᠯ ᠶᠠᠭᠠᠬᠢᠬᠤ ᠳᠠᠭᠠᠨ ᠲᠡᠯᠭᠡᠷᠡᠵᠤ ᠲᠡᠶᠢᠯᠬᠦ ᠦᠭᠡᠢ ᠪᠠᠶᠢᠬᠤ ᠪᠤᠢ︖
ᠨᠡᠶᠢᠲᠡᠯᠡᠭᠰᠡᠨ ᠴᠠᠭ᠄
2018/5/18
      ᠤᠳᠤ ᠴᠠᠭ ᠲᠤ᠂ ᠡᠪᠡᠳᠭᠡᠯ ᠦᠭᠡᠢ ᠬᠦᠡᠭᠭᠡᠵᠢᠬᠦᠯᠬᠦ ᠮᠡᠷᠭᠡᠵᠢᠯ ᠨᠢᠭᠡᠨᠲᠡ ᠬᠦᠡᠭᠭᠡᠵᠢᠯᠲᠡ ᠶᠢᠨ ᠵᠤᠪᠠᠭᠤᠷᠢᠯᠠᠯ ᠢ ᠪᠦᠲᠦᠮᠵᠢᠲᠠᠢ ᠨᠠᠮᠳᠠᠭᠠᠵᠤ ᠲᠡᠶᠢᠯᠬᠦ ᠪᠤᠯᠵᠠᠢ᠃ ᠬᠡᠪᠡᠴᠦ ᠤᠯᠠᠮᠵᠢᠯᠠᠯᠳᠤ ᠦᠵᠡᠯ ᠤᠨ ᠬᠢᠵᠠᠭᠠᠷᠯᠠᠯ᠂ ᠮᠢᠨᠴᠦᠬᠦᠷᠡᠬᠦᠯᠬᠦᠴᠢᠳᠠᠪᠤᠷᠢᠲᠠᠨ ᠴᠦᠭᠡᠨ ᠪᠠᠶᠢᠬᠤ᠂ ᠲᠦᠷᠦ ᠶᠢᠨ ᠪᠤᠳᠤᠯᠭ᠎ᠠ ᠲᠡᠬᠦᠯᠳᠡᠷᠵᠢᠭᠡ ᠦᠭᠡᠢ ᠪᠠᠶᠢᠬᠤ ᠵᠡᠷᠭᠡ ᠰᠢᠯᠲᠠᠭᠠᠨ ᠠᠴᠠ ᠪᠤᠯᠵᠤ ᠤᠯᠤᠰ ᠤᠨ ᠲᠤᠳᠤᠭᠠᠳᠤ ᠶᠢᠨ ᠡᠪᠡᠳᠭᠡᠯ ᠦᠭᠡᠢ ᠬᠦᠡᠭᠭᠡᠵᠢᠬᠦᠯᠬᠦ ᠨᠤᠷᠮ᠎ᠠ 10% ᠬᠦᠷᠬᠦ ᠦᠭᠡᠢ ᠪᠠᠶᠢᠬᠤ ᠮᠦᠷᠲᠡᠭᠡᠨ ᠵᠡᠬᠦᠨ ᠪᠠᠷᠠᠭᠤᠨ ᠬᠡᠰᠡᠭ᠂ ᠬᠤᠲᠠ ᠬᠦᠲᠡᠭᠡ ᠶᠢᠨ ᠵᠦᠷᠢᠶ᠎ᠡ ᠮᠠᠰᠢ ᠶᠡᠭᠡ ᠪᠠᠶᠢᠭᠰᠠᠭᠠᠷ᠃       ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ᠴᠢᠳᠠᠪᠤᠷᠢᠲᠠᠨ ᠲᠤᠳᠠᠭᠳᠠᠵᠤ ᠪᠠᠶᠢᠬᠤ ᠠᠰᠠᠭᠤᠳᠠᠯ ᠢ ᠰᠢᠢᠳᠪᠤᠷᠢᠯᠡᠵᠤ᠂ ᠮᠢᠨᠴᠦᠬᠦᠷᠡᠬᠦᠯᠦᠭᠴᠢ᠂ ᠬᠦᠡᠭᠭᠡᠵᠢᠬᠦᠯᠦᠭᠴᠢ ᠶᠢᠨ ᠬᠦᠯᠦᠰᠦ ᠬᠠᠷᠠᠮᠵᠢ ᠶᠢ ᠰᠠᠶᠢᠵᠢᠷᠠᠭᠤᠯᠬᠤ ᠬᠡᠷᠡᠭᠲᠠᠢ ᠪᠦᠭᠡᠳ ᠡᠪᠡᠳᠭᠡᠯ ᠦᠭᠡᠢ ᠬᠦᠡᠭᠭᠡᠵᠢᠬᠦᠯᠬᠦ ᠮᠡᠷᠭᠡᠵᠢᠯ ᠢ ᠦᠨᠳᠦᠰᠦᠨ ᠡᠮᠴᠢᠯᠡᠭᠡᠨ ᠤ ᠬᠡᠷᠡᠭᠴᠡᠭᠡ ᠪᠤᠯᠭᠠᠨ ᠪᠤᠳᠤᠯᠬᠢᠯᠠᠵᠤ᠂ ᠡᠮ ᠡᠮᠨᠡᠯᠭᠡ ᠶᠢᠨ ᠲᠠᠭᠠᠳᠬᠠᠯ ᠤᠨ ᠲᠦᠷᠢᠮ ᠳᠤ ᠤᠷᠤᠭᠤᠯᠬᠤ ᠬᠡᠷᠡᠭᠲᠠᠢ᠃ ᠲᠡᠯᠡᠭᠡᠢ ᠲᠡᠭᠡᠷ᠎ᠡ᠂ ᠡᠪᠡᠳᠭᠡᠯ ᠦᠭᠡᠢ ᠬᠦᠡᠭᠭᠡᠵᠢᠬᠦᠯᠬᠦ ᠮᠡᠷᠭᠡᠵᠢᠯ ᠠᠯᠢ ᠡᠷᠲᠡ ᠪᠤᠯᠪᠠᠰᠤᠷᠠᠩᠭᠤᠢ ᠪᠤᠯᠵᠤ᠂ ᠵᠠᠷᠢᠮ ᠤᠯᠤᠰ ᠤᠨ ᠡᠪᠡᠳᠭᠡᠯ ᠦᠭᠡᠢ ᠬᠦᠡᠭᠭᠡᠵᠢᠬᠦᠯᠬᠦ ᠨᠤᠷᠮ᠎ᠠ ᠨᠢᠭᠡᠨᠲᠡ 90%᠎ ᠶᠢ ᠲᠠᠪᠠᠵᠠᠢ᠂ ᠬᠠᠷᠢᠨ ᠮᠠᠨ ᠤ ᠤᠯᠤᠰ ᠲᠤ 10% ᠬᠦᠷᠦᠭᠡᠳᠤᠢ ᠪᠠᠶᠢᠨ᠎ᠠ᠃ ᠬᠦᠡᠭᠭᠡᠵᠢᠯᠲᠡ ᠶᠢᠨ ᠰᠠᠯᠠᠭᠠᠨ ᠤ ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ᠠᠮᠢᠳᠤᠷᠠᠯ ᠤᠨ ᠰᠠᠶᠢᠵᠢᠷᠠᠯᠲᠠ ᠪᠠ ᠡᠮᠴᠢᠯᠡᠭᠡᠨ ᠤ ᠲᠠᠪᠰᠢᠯᠲᠠ ᠶᠢ ᠲᠠᠭᠠᠯᠳᠤᠨ ᠡᠮᠡᠭᠲᠠᠶᠢᠴᠤᠳ ᠤᠨ ᠬᠦᠡᠭᠭᠡᠵᠢᠬᠦ ᠦᠶ᠎ᠡ ᠶᠢᠨ ᠵᠤᠪᠠᠭᠤᠷᠢᠯᠠᠯ ᠬᠦᠨᠳᠦᠷᠡᠬᠦ ᠬᠠᠨᠳᠤᠰᠢ ᠲᠠᠢ ᠪᠤᠯᠵᠠᠢ᠃ ᠤᠯᠠᠩᠬᠢ ᠵᠢᠷᠮᠦᠰᠦᠨ ᠪᠦᠰᠡᠬᠦ᠋ᠢᠴᠤᠳ ᠤᠨ ᠰᠢᠮ᠎ᠡ ᠲᠡᠵᠢᠭᠡᠯ ᠠᠬᠠᠳᠠᠵᠤ᠂ ᠬᠦᠳᠡᠯᠭᠡᠭᠡᠨ ᠬᠢᠬᠦ ᠨᠢ ᠪᠠᠭᠠᠰᠴᠦ᠂ ᠨᠡᠩ ᠴᠦ ᠪᠡᠶ᠎ᠡ ᠶᠢᠨ ᠬᠦᠳᠡᠯᠮᠦᠷᠢ ᠳᠤ ᠤᠷᠤᠯᠴᠠᠬᠤ ᠦᠭᠡᠢ ᠪᠤᠯᠤᠭᠰᠠᠨ ᠤ ᠲᠡᠭᠡᠷ᠎ᠡ ᠬᠦᠮᠦᠰ ᠶᠡᠷᠦᠨᠢ ᠮᠠᠷᠢᠶᠠᠯᠢᠭ ᠴᠢᠮᠪᠠᠢ ᠬᠡᠦᠭᠡᠳ ᠲᠦᠷᠦᠬᠦᠯᠬᠦ ᠶᠢ ᠬᠦᠰᠡᠳᠡᠭ ᠪᠤᠯᠬᠤᠷ ᠰᠠᠶ᠋ᠶ ᠲᠦᠷᠦᠬᠦ ᠬᠡᠦᠭᠡᠳ ᠤᠨ ᠪᠡᠶ᠎ᠡ ᠪᠢᠯᠳᠠᠷ ᠨᠢ ᠲᠤᠮᠤ ᠮᠦᠷᠲᠡᠭᠡᠨ ᠲᠤᠯᠤᠭᠠᠢ ᠶᠢᠨ ᠶᠠᠰᠤᠨ ᠤ ᠬᠢᠨᠢ ᠪᠤᠶᠢᠵᠢᠯᠲᠠ ᠨᠢ ᠬᠤᠷᠳᠤᠨ ᠮᠦᠷᠲᠡᠭᠡᠨ ᠤᠯᠠᠮ ᠬᠠᠳᠠᠭᠤ ᠪᠤᠯᠵᠤ ᠪᠠᠶᠢᠨ᠎ᠠ᠂ ᠭᠡᠳᠡᠯ᠎ᠡ ᠡᠮᠡᠭᠲᠠᠶᠢᠴᠤᠳ ᠤᠨ ᠠᠭᠠᠷᠴᠠᠭ ᠤᠨ ᠶᠠᠰᠤ ᠨᠢ ᠡᠨᠡ ᠬᠦ ︽ᠬᠤᠪᠢᠰᠤᠯ︾᠎ ᠠᠴᠠ ᠪᠤᠯᠵᠤ ᠲᠤᠮᠤᠷᠠᠳᠠᠭ ᠦᠭᠡᠢ ᠪᠤᠯᠬᠤᠷ ᠬᠦᠡᠭᠭᠡᠵᠢᠬᠦ ᠦᠶ᠎ᠡ ᠳᠤ ᠨᠡᠩ ᠢᠯᠡᠬᠦᠦ ᠵᠤᠪᠠᠭᠤᠷᠢᠯᠠᠬᠤ ᠪᠤᠯᠵᠠᠢ᠃ ᠠᠶᠠᠨᠳᠠᠭᠠᠨ ᠬᠦᠡᠭᠭᠡᠵᠢᠬᠦ ᠶᠢ ᠦᠷᠦᠭᠡᠰᠤᠭᠡᠯ ᠢᠶᠠᠷ ᠬᠦᠭᠡᠭᠡᠴᠡᠯᠳᠦᠵᠤ᠂ ᠤᠳᠤ ᠦᠶ᠎ᠡ ᠶᠢᠨ ᠡᠮᠨᠡᠯᠭᠡ ᠶᠢᠨ ᠮᠡᠷᠭᠡᠵᠢᠯ ᠳᠤ ᠲᠦᠰᠢᠭᠯᠡᠬᠦ ᠦᠭᠡᠢ ᠪᠠᠶᠢᠳᠠᠭ ᠨᠢ ᠦᠨᠡᠨ ᠳᠡᠭᠡᠨ ᠬᠦᠡᠭᠭᠡᠵᠢᠬᠦ ᠪᠦᠰᠡᠬᠦ᠋ᠢᠴᠤᠳ ᠤᠨ ᠠᠮᠢ ᠨᠠᠰᠤ ᠪᠠ ᠨᠡᠷ᠎ᠡ ᠬᠦᠨᠳᠤ ᠶᠢ ᠤᠮᠳᠤᠭᠠᠢᠢᠯᠠᠵᠤ ᠪᠠᠶᠢᠭ᠎ᠠ ᠶᠠᠪᠤᠳᠠᠯ ᠮᠦᠨ᠃ ᠭᠠᠭᠴᠠ ᠬᠡᠦᠭᠡᠳ ᠠᠪᠬᠤ ᠲᠦᠷᠦ ᠶᠢᠨ ᠪᠤᠳᠤᠯᠭ᠎ᠠ ᠵᠢᠴᠢ ᠬᠦᠡᠭᠭᠡᠵᠢᠯᠲᠡ ᠶᠢᠨ ᠵᠤᠪᠠᠭᠤᠷᠢᠯᠠᠯ ᠠᠴᠠ ᠪᠤᠯᠵᠤ᠂ ᠦᠡᠭᠭᠡᠷᠡᠭᠰᠡᠨ ᠳᠤ ᠮᠠᠨ ᠤ ᠤᠯᠤᠰ ᠤᠨ ᠡᠮᠨᠡᠯᠭᠡ ᠶᠢᠨ ᠬᠤᠷᠢᠶ᠎ᠠ ᠳᠤ ᠮᠡᠰᠡ ᠵᠠᠰᠠᠯ ᠬᠢᠵᠤ ᠬᠦᠡᠭᠭᠡᠵᠢᠬᠦᠯᠬᠦ ᠨᠤᠷᠮ᠎ᠠ 50%᠎ ᠶᠢ ᠲᠠᠪᠠᠵᠤ ᠪᠠᠶᠢᠵᠠᠢ᠃ ᠤᠢᠢᠷ᠎ᠠ ᠶᠢᠨ ᠵᠢᠯ ᠳᠤ᠂ ᠡᠮᠨᠡᠯᠭᠡ ᠶᠢᠨ ᠬᠤᠷᠢᠶ᠎ᠠ ᠠᠴᠠ ᠠᠪᠤᠭᠠᠳ ᠭᠡᠷ ᠪᠦᠯᠢ ᠶᠢᠨ ᠬᠢᠨ ᠴᠦᠮ ᠠᠶᠠᠨᠳᠠᠭᠠᠨ ᠬᠦᠡᠭᠭᠡᠵᠢᠬᠦ ᠶᠢ ᠡᠷᠬᠢᠮᠯᠡᠵᠤ᠂ ᠠᠶᠠᠨᠳᠠᠭᠠᠨ ᠬᠦᠡᠭᠭᠡᠵᠢᠬᠦ ᠨᠢ ᠮᠡᠰᠡ ᠵᠠᠰᠠᠯ ᠤᠨ ᠲᠦᠭᠰᠢᠬᠦᠷᠢ᠂ ᠮᠡᠰᠡ ᠵᠠᠰᠠᠯ ᠬᠢᠭᠰᠡᠨ ᠤ ᠲᠠᠷᠠᠭᠠᠬᠢ ᠢᠯᠠᠷᠢᠰᠢᠯ ᠪᠠ ᠬᠡᠦᠭᠡᠳ ᠤᠨ ᠪᠤᠶᠢᠵᠢᠯᠲᠠ ᠵᠡᠷᠭᠡ ᠲᠠᠯ᠎ᠠ ᠪᠠᠷ ᠴᠦᠮ ᠲᠠᠪᠠᠭᠤᠯᠢᠭ ᠲᠠᠯ᠎ᠠ ᠲᠠᠢ ᠭᠡᠵᠤ ᠦᠵᠡᠳᠡᠭ ᠪᠤᠯᠵᠤ ᠪᠠᠶᠢᠨ᠎ᠠ᠃      ᠲᠡᠭᠡᠬᠦ ᠳᠤ ᠬᠦᠮᠦᠰ ᠠᠶᠠᠨᠳᠠᠭᠠᠨ ᠬᠦᠡᠭᠭᠡᠵᠢᠬᠦ ᠶᠢ ᠶᠡᠷᠦ ᠠᠴᠠ ᠮᠢᠨᠴᠦᠬᠦᠷᠡᠬᠦᠯᠬᠦ ᠠᠷᠭ᠎ᠠ᠂ ᠮᠠᠰᠢᠨ ᠮᠢᠬᠠᠨᠢᠭ ᠵᠡᠷᠭᠡ ᠳᠤ ᠲᠦᠰᠢᠭᠯᠡᠬᠦ ᠦᠭᠡᠢ ︽ᠴᠤᠯ ᠪᠠᠶᠢᠭᠠᠯᠢᠯᠢᠭ︾ ᠬᠦᠡᠭᠭᠡᠵᠢᠯᠲᠡ ᠭᠡᠵᠤ ᠪᠤᠷᠤᠭᠤ ᠤᠢᠢᠯᠠᠭᠠᠳᠠᠭ᠃ ︽ᠠᠶᠠᠨᠳᠠᠭᠠᠨ ᠭᠡᠳᠡᠭ ᠨᠢ ᠨᠡᠶᠢᠭᠡᠮ ᠤᠨ ᠬᠦᠭᠵᠢᠯᠲᠡ ᠶᠢᠨ ᠱᠠᠳᠤ ᠦᠶ᠎ᠡ ᠲᠠᠢ ᠵᠤᠬᠢᠴᠠᠭᠰᠠᠨ ᠪᠠᠶᠢᠬᠤ ᠬᠡᠷᠡᠭᠲᠠᠢ᠃ ᠡᠮᠴᠢᠯᠡᠭᠡᠨ ᠤ ᠮᠡᠷᠭᠡᠵᠢᠯ ᠤᠨ ᠲᠠᠪᠰᠢᠯᠲᠠ ᠨᠢ ᠬᠦᠡᠭᠭᠡᠵᠢᠯᠲᠡ ᠶᠢ ᠨᠡᠩ ᠠᠮᠤᠷ ᠲᠦᠪᠰᠢᠨ᠂ ᠨᠡᠩ ᠵᠤᠪᠠᠭᠤᠷᠢᠯᠠᠯ ᠦᠭᠡᠢ ᠪᠤᠯᠭᠠᠬᠤ ᠶᠢᠨ ᠲᠦᠯᠦᠭᠡ ᠶᠤᠮ᠃︾ ᠱᠠᠩᠬᠠᠢ ᠶᠢᠨ ᠨᠢᠭᠡᠳᠦᠭᠡᠷ ᠡᠭᠡ ᠨᠢᠯᠬᠠᠰ ᠤᠨ ᠡᠷᠡᠬᠦᠯᠵᠢᠯ ᠤᠨ ᠬᠤᠷᠢᠶᠠᠨ ᠤ ᠬᠦᠡᠭᠭᠡᠵᠢᠯᠲᠡ ᠶᠢᠨ ᠰᠠᠯᠠᠭᠠᠨ ᠤ ᠡᠷᠬᠢᠯᠡᠭᠴᠢ ᠶᠢᠩ ᠬᠤᠤ ᠶᠢᠨ ᠦᠵᠡᠬᠦ ᠪᠠᠷ᠂ ᠡᠮ ᠢᠶᠠᠷ ᠡᠪᠡᠳᠬᠦ ᠶᠢ ᠵᠤᠭᠰᠤᠭᠠᠵᠤ ᠬᠦᠡᠭᠭᠡᠵᠢᠬᠦᠯᠬᠦ ᠮᠡᠷᠭᠡᠵᠢᠯ ᠢ ᠲᠡᠯᠭᠡᠷᠡᠬᠦᠯᠪᠡᠯ᠂ ᠵᠢᠷᠮᠦᠰᠦᠨ ᠡᠮᠡᠭᠲᠠᠶᠢᠴᠤᠳ ᠤᠨ ᠮᠡᠰᠡ ᠵᠠᠰᠠᠯ ᠬᠢᠯᠭᠡᠵᠤ ᠬᠦᠡᠭᠭᠡᠵᠢᠬᠦ ᠨᠢ ᠴᠦᠭᠡᠷᠡᠵᠤ᠂ ᠠᠶᠠᠨᠳᠠᠭᠠᠨ ᠬᠦᠡᠭᠭᠡᠵᠢᠬᠦ ᠨᠢ ᠨᠡᠩ ᠤᠯᠠᠨ ᠪᠤᠯᠤᠨ᠎ᠠ᠃ ᠲᠤᠰᠬᠠᠢ ᠮᠡᠷᠭᠡᠵᠢᠯᠲᠡᠨ ᠪᠠᠰᠠ ᠂ ᠤᠢᠢᠯᠠᠭᠠᠯᠲᠠ ᠶᠢᠨ ᠲᠠᠯ᠎ᠠ ᠶᠢᠨ ᠠᠳᠡᠬᠦᠷᠡᠯ ᠠᠴᠠ ᠴᠦ ᠵᠠᠶᠢᠯᠠᠰᠬᠢᠬᠦ ᠬᠡᠷᠡᠭᠲᠠᠢ ᠭᠡᠵᠤ ᠰᠠᠨᠠᠭᠤᠯᠵᠤ ᠪᠠᠶᠢᠨ᠎ᠠ᠃ ︽ᠡᠪᠡᠳᠭᠡᠯ ᠦᠭᠡᠢ ᠬᠦᠡᠭᠭᠡᠵᠢᠬᠦᠯᠬᠦ︾ ᠭᠡᠳᠡᠭ ᠨᠢ ᠡᠪᠡᠳᠬᠦ ᠶᠢ ᠨᠠᠮᠳᠠᠭᠠᠬᠤ ᠯᠡ ᠲᠡᠳᠤᠢ᠂ ᠵᠢᠱᠢᠶᠡᠯᠡᠪᠡᠯ ᠡᠸᠦ᠋ᠷᠤᠫᠠᠴᠤᠳ ᠤᠨ ᠬᠢᠨ ︽ᠬᠠᠳᠠᠭᠤ ᠪᠦᠷᠬᠦᠪᠴᠢ ᠶᠢᠨ ᠭᠠᠳᠠᠨ᠎ᠠ ᠮᠢᠨᠴᠦᠬᠦᠷᠡᠬᠦᠯᠬᠦ︾ ᠪᠠᠷᠢᠮᠵᠢᠶ᠎ᠠ ᠶᠢ ᠬᠡᠷᠡᠭᠵᠢᠬᠦᠯᠵᠤ ᠪᠠᠶᠢᠨ᠎ᠠ᠂ ᠲᠡᠷᠡ ᠮᠦᠷᠲᠡᠭᠡᠨ ᠵᠤᠬᠢᠬᠤ ᠬᠡᠮᠵᠢᠶᠡᠨ ᠳᠤ ᠡᠪᠡᠳᠬᠦ ᠨᠢ ᠬᠦᠡᠭᠭᠡᠵᠢᠯᠲᠡ ᠳᠤ ᠠᠰᠢᠭᠲᠠᠢ᠃ ᠪᠦᠬᠦ ᠤᠯᠤᠰ ᠤᠨ ᠬᠡᠪᠴᠢᠶᠡᠨ ᠠᠴᠠ ᠦᠵᠡᠪᠡᠯ᠂ ᠡᠪᠡᠳᠬᠦ ᠶᠢ ᠵᠤᠭᠰᠤᠭᠠᠵᠤ ᠬᠦᠡᠭᠭᠡᠵᠢᠬᠦᠯᠬᠦ ᠮᠡᠷᠭᠡᠵᠢᠯ ᠤᠨ ᠠᠰᠢᠭᠯᠠᠯᠲᠠ ᠲᠡᠶᠢᠮᠦ ᠰᠠᠶᠢᠨ ᠪᠢᠰᠢ ᠪᠠᠶᠢᠨ᠎ᠠ᠃ ᠡᠮ ᠢᠶᠠᠷ ᠡᠪᠡᠳᠬᠦ ᠶᠢ ᠵᠤᠭᠰᠤᠭᠠᠵᠤ ᠬᠦᠡᠭᠭᠡᠵᠢᠬᠦᠯᠬᠦ ᠮᠡᠷᠭᠡᠵᠢᠯ ᠤᠨ ᠲᠠᠯ᠎ᠠ ᠪᠠᠷ᠂ ᠲᠤᠷᠤᠨᠠᠳᠤ ᠤᠷᠤᠨ ᠬᠠᠮᠤᠭ ᠤᠨ ᠲᠦᠷᠦᠬᠦᠨ ᠳᠤ ᠤᠷᠤᠵᠤ᠂ ᠪᠠᠷᠤᠭ 30%᠎ ᠶᠢ ᠡᠵᠡᠯᠡᠵᠤ ᠪᠠᠶᠢᠨ᠎ᠠ︔ ᠤᠮᠠᠷᠠᠳᠤ ᠤᠷᠤᠨ᠂ ᠡᠮᠦᠨᠡᠳᠤ ᠤᠷᠤᠨ ᠪᠠᠷᠤᠭ 10%᠎ ᠶᠢ ᠡᠵᠡᠯᠡᠵᠤ ᠪᠠᠶᠢᠨ᠎ᠠ︔ ᠬᠠᠷᠢᠴᠠᠯ ᠢᠶᠠᠷ ᠬᠠᠮᠤᠭ ᠤᠨ ᠲᠤᠤᠷ᠎ᠠ ᠨᠢ ᠪᠠᠷᠠᠭᠤᠨ ᠬᠤᠶᠢᠳᠤ ᠤᠷᠤᠨ ᠪᠠᠶᠢᠵᠤ᠂ 3% ᠬᠦᠷᠬᠦ ᠦᠭᠡᠢ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号