ᠤᠢᠢᠷ᠎ᠠ ᠳᠤ᠂ ᠬᠤᠷᠢᠨ ᠨᠢᠭᠡᠭᠡᠨ ᠨᠠᠰᠤᠲᠠᠢ ᠨᠢᠰᠭᠡᠯ ᠤᠨ ᠦᠢᠯᠡᠴᠢᠯᠡᠭᠴᠢ ᠦᠬᠢᠨ ᠰᠦᠨᠢ ᠪᠠᠷ ︽ᠳ᠋ᠢ | ᠳ᠋ᠢ︾ ᠵᠠᠮ ᠤᠨ ᠲᠡᠷᠭᠡᠨ ᠳᠤ ᠰᠠᠭᠤᠭᠠᠳ ᠬᠤᠤᠷᠯᠠᠭᠳᠠᠭᠰᠠᠨ ᠬᠡᠷᠡᠭ ᠤᠯᠠᠨ ᠤ ᠠᠩᠬᠠᠷᠤᠯ ᠢ ᠲᠠᠳᠠᠵᠤ᠂ ᠬᠦᠮᠦᠰ ᠤᠨ | ᠰᠡᠳᠬᠢᠯ ᠢ ᠡᠮᠵᠡᠭᠯᠡᠬᠦᠯᠪᠡ᠃ ᠡᠶᠢᠮᠦᠷᠬᠦ ᠨᠤᠴᠢᠲᠠᠢ ᠬᠡᠷᠡᠭ ᠠᠴᠠ ᠭᠠᠳᠠᠨ᠎ᠠ᠂ ᠡᠯ᠎ᠡ ᠵᠦᠢᠯ ᠤᠨ ᠶᠡᠭᠡ ᠪᠠᠭ᠎ᠠ ᠠᠮᠤᠷ | ᠲᠦᠪᠰᠢᠨ ᠤ ᠠᠳᠡᠯ ᠪᠠᠶᠢᠨ ᠲᠠᠬᠢᠨ ᠡᠬᠦᠰᠴᠦ ᠯᠡ ᠪᠠᠶᠢᠨ᠎ᠠ᠃ | ᠲᠡᠷᠭᠡ ᠲᠠᠭᠤᠳᠠᠭᠴᠢ ᠶᠢᠨ ᠬᠤᠪᠢ ᠳᠤ ᠰᠦᠯᠵᠢᠶᠡᠨ ᠤ ᠲᠦᠷᠢᠶᠡᠰᠦᠨ ᠲᠡᠷᠭᠡᠨ ᠳᠤ ᠰᠠᠭᠤᠬᠤ ᠳᠠᠭᠠᠨ ᠠᠮᠤᠷ | ᠲᠦᠪᠰᠢᠨ ᠢ ᠬᠡᠷᠬᠢᠨ ᠰᠡᠷᠭᠡᠶᠢᠯᠡᠬᠦ ᠪᠤᠢ︖ ᠲᠤᠤᠷᠠᠬᠢ ᠪᠠᠶᠢᠳᠠᠯ ᠲᠤᠤᠷ᠎ᠠ ᠠᠯᠢ ᠴᠢᠳᠠᠬᠤ ᠪᠠᠷ ᠲᠦᠷᠢᠶᠡᠰᠦᠨ | ᠲᠡᠷᠭᠡᠨ ᠳᠤ ᠰᠠᠭᠤᠬᠤ ᠦᠭᠡᠢ ᠪᠤᠯ ᠰᠠᠶᠢᠨ ᠰᠦᠨᠢ ᠲᠦᠯᠢ ᠪᠠᠷ ᠪᠤᠶᠢᠳᠠ ᠪᠦᠭᠯᠡᠬᠦᠦ ᠬᠤᠲᠠ ᠶᠢᠨ ᠲᠡᠬᠦᠷᠭᠡ᠂ | ᠬᠤᠲᠠ ᠬᠦᠳᠡᠭᠡ ᠶᠢᠨ ᠵᠠᠭᠠᠭ ᠤᠷᠤᠨ ᠳᠤ ᠤᠴᠢᠬᠤ ᠳᠠᠭᠠᠨ ᠲᠦᠷᠢᠶᠡᠰᠦᠨ ᠲᠡᠷᠭᠡᠨ ᠳᠤ ᠪᠢᠳᠡᠭᠡᠢ ᠰᠠᠭᠤᠭᠠᠷᠠᠢ᠃ | ᠰᠦᠨᠢ ᠤᠷᠤᠢ ᠭᠠᠳᠠᠭᠰᠢ ᠭᠠᠷᠬᠤ ᠴᠢᠬᠤᠯᠠ ᠲᠠᠢ ᠪᠤᠯ ᠪᠤᠯᠤᠮᠵᠢ ᠶᠢᠨ ᠲᠤᠳᠤᠷ᠎ᠠ ᠤᠯᠠᠨ ᠨᠡᠶᠢᠲᠡ ᠶᠢᠨ ᠵᠠᠮ | ᠬᠠᠷᠢᠯᠴᠠᠭᠠᠨ ᠤ ᠪᠠᠭᠠᠵᠢ ᠶᠢ ᠰᠤᠩᠭᠤᠭᠠᠷᠠᠢ᠃ | ᠪᠠᠴᠢᠮ ᠬᠡᠷᠡᠭᠴᠡᠭᠡ ᠠᠴᠠ ᠪᠤᠯᠵᠤ ᠲᠦᠷᠢᠶᠡᠰᠦᠨ ᠲᠡᠷᠭᠡᠨ ᠳᠤ ᠰᠠᠭᠤᠬᠤ ᠴᠢᠬᠤᠯᠠ ᠲᠠᠢ ᠪᠤᠯ ᠲᠤᠰᠬᠠᠢ | ᠦᠢᠯᠡᠴᠢᠯᠡᠭᠡᠨ ᠤ ᠲᠡᠷᠭᠡ ᠲᠠᠭᠤᠳᠠᠬᠤ ᠬᠡᠷᠡᠭᠲᠠᠢ᠂ ᠡᠶᠢᠮᠦ ᠲᠡᠷᠭᠡᠨ ᠤ ᠵᠠᠮ ᠤᠨ ᠰᠦᠢᠳᠭᠡᠯ ᠨᠢ ᠦᠨᠡᠲᠠᠢ ᠪᠤᠯᠪᠠᠴᠦ | ᠠᠮᠤᠷ ᠲᠦᠪᠰᠢᠨ ᠤ ᠲᠠᠯ᠎ᠠ ᠪᠠᠷ ᠪᠤᠰᠤᠳ ᠲᠦᠷᠢᠶᠡᠰᠦᠨ ᠮᠠᠰᠢᠨ ᠠᠴᠠ ᠰᠠᠶᠢᠨ ᠪᠠᠶᠢᠳᠠᠭ᠃ ᠦᠨᠡᠮᠯᠡᠯ ᠤᠨ | ᠵᠦᠢᠯᠡᠰ ᠨᠢ ᠨᠡᠶᠢᠴᠡᠬᠦ ᠦᠭᠡᠢ ᠲᠦᠷᠢᠶᠡᠰᠦᠨ ᠮᠠᠰᠢᠨ ᠳᠤ ᠪᠢᠳᠡᠭᠡᠢ ᠰᠠᠭᠤᠭᠠᠷᠠᠢ ᠤᠢᠢᠯᠠᠭᠠᠭᠰᠠᠨ ᠢᠶᠠᠷ᠂ | ᠰᠦᠯᠵᠢᠶᠡᠨ ᠤ ᠲᠦᠷᠢᠶᠡᠰᠦᠨ ᠲᠡᠷᠭᠡᠨ ᠤ ᠲᠠᠪᠴᠠᠩ ᠴᠦᠮ ᠵᠢᠯᠤᠭᠤᠴᠢ ᠪᠤᠯᠤᠨ ᠲᠡᠷᠭᠡᠨ ᠡᠵᠡᠨ ᠤ ︽ᠪᠡᠶ᠎ᠡ ᠶᠢᠨ | ᠦᠨᠡᠮᠯᠡᠯ︾ ︽ᠵᠢᠯᠤᠭᠤᠴᠢ ᠶᠢᠨ ᠦᠨᠡᠮᠯᠡᠯ︾ ︽ᠵᠠᠮᠨᠠᠬᠤ ᠦᠨᠡᠮᠯᠡᠯ︾ ᠵᠡᠷᠭᠡ ᠪᠡᠶ᠎ᠡ ᠬᠡᠮ ᠤᠨ ᠭᠡᠷᠡᠴᠢ ᠦᠨᠡᠮᠯᠡᠯ ᠢ | ᠰᠢᠯᠭᠠᠳᠠᠭ ᠪᠦᠭᠡᠳ ᠡᠨᠡ ᠭᠤᠷᠪᠠᠨ ᠦᠨᠡᠮᠯᠡᠯ ᠨᠢ ᠴᠦᠮ ᠵᠢᠩᠬᠢᠨᠢ ᠪᠦᠭᠡᠳ ᠬᠦᠴᠦᠨ ᠲᠠᠢ ᠪᠠᠶᠢᠮᠠᠨᠵᠢᠨ ᠰᠠᠶ᠋ᠶ | ᠲᠠᠩᠰᠠᠯᠠᠭᠤᠯᠵᠤ ᠲᠡᠶᠢᠯᠳᠡᠭ᠃ ᠬᠡᠪᠡᠴᠦ᠂ ᠤᠯᠠᠮᠵᠢᠯᠠᠯᠳᠤ ᠲᠦᠷᠢᠶᠡᠰᠦᠨ ᠮᠠᠰᠢᠨ ᠴᠦ ᠲᠡᠷᠡ᠂ ᠡᠰᠡᠬᠦᠯ᠎ᠡ | ᠰᠦᠯᠵᠢᠶᠡᠨ ᠤ ᠲᠦᠷᠢᠶᠡᠰᠦᠨ ᠮᠠᠰᠢᠨ ᠴᠦ ᠲᠡᠷᠡ᠂ ᠲᠠᠩᠰᠠᠯᠠᠭᠤᠯᠤᠭᠰᠠᠨ ᠦᠨᠡᠮᠯᠡᠯ ᠤᠨ ᠵᠦᠢᠯᠡᠰ ᠲᠠᠢ ᠪᠠᠨ ᠦᠯᠦ | ᠨᠡᠶᠢᠴᠡᠬᠦ ᠮᠠᠰᠢᠨ ᠲᠡᠷᠭᠡ ᠠᠮᠢᠳᠤᠷᠠᠯ ᠲᠤᠮᠳᠠ ᠪᠠᠰᠠ ᠤᠯᠠᠨ ᠪᠠᠶᠢᠳᠠᠭ ᠭᠡᠰᠡᠨ ᠢ ᠮᠡᠳᠡᠬᠦ ᠬᠡᠷᠡᠭᠲᠠᠢ᠃ ᠰᠦᠯᠵᠢᠶᠡᠨ ᠤ | ᠲᠦᠷᠢᠶᠡᠰᠦᠨ ᠮᠠᠰᠢᠨ ᠳᠤ ᠰᠠᠭᠤᠬᠤ ᠳᠠᠭᠠᠨ᠂ ᠪᠤᠲᠠᠲᠠᠢ ᠲᠡᠷᠭᠡᠨ ᠫᠠᠶᠢᠰᠠᠨ ᠤ ᠳ᠋ᠤᠭᠠᠷ᠂ ᠲᠡᠷᠭᠡᠨ ᠤ ᠬᠡᠯᠪᠡᠷᠢ ᠨᠢ | ᠰᠦᠯᠵᠢᠶᠡᠨ ᠲᠡᠭᠡᠷᠡᠬᠢ ᠲᠠᠩᠰᠠᠯᠠᠯᠲᠠ ᠲᠠᠢ ᠠᠳᠠᠯᠢ ᠪᠠᠶᠢᠬᠤ ᠡᠰᠡᠬᠦ ᠶᠢ ᠦᠵᠡᠬᠦ ᠬᠡᠷᠡᠭᠲᠠᠢ᠂ ᠬᠡᠷᠪᠡ ᠠᠳᠠᠯᠢ ᠦᠭᠡᠢ | ᠪᠠᠶᠢᠪᠠᠯ ᠰᠠᠭᠤᠵᠤ ᠪᠤᠯᠬᠤ ᠦᠭᠡᠢ ᠪᠦᠭᠡᠳ ᠰᠦᠯᠵᠢᠶᠡᠨ ᠲᠡᠭᠡᠷᠡᠬᠢ ᠵᠠᠭᠠᠯᠳᠤᠬᠤ ᠠᠷᠭ᠎ᠠ ᠵᠠᠮ ᠢᠶᠠᠷ ᠰᠢᠭᠤᠳ | ᠵᠠᠭᠠᠯᠳᠤᠬᠤ ᠬᠡᠷᠡᠭᠲᠠᠢ᠃ | ᠬᠠᠷ᠎ᠠ ᠲᠡᠷᠭᠡᠨ ᠳᠤ ᠶᠠᠭᠠᠬᠢᠭᠰᠠᠨ ᠴᠦ ᠰᠠᠭᠤᠵᠤ ᠪᠤᠯᠬᠤ ᠦᠭᠡᠢ᠃ ︽ᠫᠠᠶᠢᠰᠠ ᠲᠠᠯᠳᠠᠯᠠᠭᠰᠠᠨ ᠲᠡᠷᠭᠡᠨ︾ | ᠳᠤ ᠴᠦ ᠰᠠᠭᠤᠵᠤ ᠪᠤᠯᠬᠤ ᠦᠭᠡᠢ᠂ ᠤᠢᠢᠯᠠᠭᠠᠭᠰᠠᠨ ᠢᠶᠠᠷ᠂ ︽ᠫᠠᠶᠢᠰᠠ ᠲᠠᠯᠳᠠᠯᠠᠭᠰᠠᠨ ᠲᠡᠷᠭᠡᠨ︾ ᠤ ᠤᠯᠠᠩᠬᠢ ᠨᠢ | ᠤᠯᠠᠮᠵᠢᠯᠠᠯᠳᠤ ᠲᠦᠷᠢᠶᠡᠰᠦᠨ ᠮᠠᠰᠢᠨ ᠲᠡᠷᠭᠡ ᠪᠤᠯᠤᠨ᠎ᠠ᠃ ᠬᠤᠪᠢ ᠬᠦᠮᠦᠨ ᠤ ᠮᠡᠳᠡᠭᠡ ᠵᠠᠩᠬᠢ ᠪᠠᠨ | ᠵᠠᠳᠠᠷᠠᠭᠤᠯᠬᠤ ᠠᠴᠠ ᠪᠤᠯᠭᠤᠮᠵᠢᠯᠠᠭᠠᠷᠠᠢ ᠭᠠᠳᠠᠭᠰᠢ ᠭᠠᠷᠪᠠᠯ ᠵᠤᠭᠤᠰ ᠮᠦᠡᠭᠬᠦ ᠪᠠᠨ ᠲᠠᠯᠳᠠ ᠬᠢᠬᠦ ᠬᠡᠷᠡᠭᠲᠠᠢ᠂ | ᠲᠦᠷᠢᠶᠡᠰᠦᠨ ᠮᠠᠰᠢᠨ ᠳᠤ ᠰᠠᠭᠤᠬᠤ ᠳᠠᠭᠠᠨ ᠴᠦ ᠠᠳᠠᠯᠢ᠃ ᠲᠡᠷᠭᠡ ᠲᠦᠷᠢᠶᠡᠰᠦᠯᠡᠬᠦ ᠮᠦᠡᠭᠬᠦ ᠪᠠᠨ ᠪᠡᠯᠡᠭᠡᠨ | ᠪᠤᠯᠭᠠᠭᠰᠠᠨ ᠤᠷᠢᠳᠠᠯ ᠲᠤᠤᠷ᠎ᠠ ᠭᠠᠷ ᠤᠳᠠᠰᠤᠨ ᠲᠠᠬᠢ ᠵᠤᠭᠤᠰ ᠴᠦ ᠪᠤᠯᠤᠭ᠂ ᠴᠦᠡᠭᠬᠦᠨ ᠲᠤᠳᠤᠷᠠᠬᠢ ᠵᠤᠭᠤᠰ ᠴᠦ | ᠪᠤᠯᠤᠭ᠂ ᠬᠡᠳᠤᠢ ᠵᠤᠭᠤᠰ ᠲᠠᠢ ᠭᠡᠳᠡᠭ ᠢᠶᠠᠨ ᠪᠤᠰᠤᠳ ᠲᠤ ᠮᠡᠳᠡᠬᠦᠯᠬᠦ ᠦᠭᠡᠢ ᠨᠢ ᠰᠠᠶᠢᠨ᠃ ᠭᠠᠭᠴᠠᠭᠠᠷ | ᠲᠦᠷᠢᠶᠡᠰᠦᠨ ᠲᠡᠷᠭᠡᠨ ᠳᠤ ᠰᠠᠭᠤᠪᠠᠯ ᠡᠮᠦᠰᠴᠦ ᠵᠡᠬᠦᠬᠦ ᠪᠠᠨ ᠠᠯᠢ ᠪᠤᠯᠬᠤ ᠪᠠᠷ ᠪᠤᠷᠤᠭᠵᠢᠭᠤᠨ ᠪᠠᠶᠢᠯᠭᠠᠬᠤ ᠶᠢ | ᠠᠩᠬᠠᠷᠤᠭᠠᠷᠠᠢ᠃ ᠮᠦᠡᠭᠬᠦ ᠵᠤᠭᠤᠰ ᠢᠶᠠᠨ ᠬᠢᠴᠢᠶᠡᠬᠦ ᠠᠴᠠ ᠭᠠᠳᠠᠨ᠎ᠠ ᠦᠡᠭᠭᠡ ᠵᠢᠰᠦ ᠪᠠᠨ ᠴᠦ ᠠᠩᠬᠠᠷᠬᠤ | ᠴᠢᠬᠤᠯᠠᠲᠠᠢ᠃ | ᠦᠬᠢᠨ ᠬᠦᠮᠦᠨ ᠭᠠᠭᠴᠠᠭᠠᠷ ᠲᠦᠷᠢᠶᠡᠰᠦᠨ ᠮᠠᠰᠢᠨ ᠳᠤ ᠰᠠᠭᠤᠬᠤ ᠳᠠᠭᠠᠨ ᠨᠡᠩ ᠴᠦ ᠬᠡᠳᠤᠷᠬᠡᠢ ᠭᠤᠶᠤᠯᠠᠵᠤ | ᠴᠢᠮᠡᠵᠤ ᠪᠤᠯᠬᠤ ᠦᠭᠡᠢ᠂ ᠢᠯᠠᠩᠭᠤᠶ᠎ᠠ ᠤᠨᠴᠠ ᠶᠢᠨ ᠦᠵᠡᠰᠬᠦᠯᠡᠩ ᠪᠦᠰᠡᠬᠦ᠋ᠢᠴᠤᠤᠯ ᠢᠯᠡᠬᠦᠦ ᠬᠢᠴᠢᠶᠡᠬᠦ ᠬᠡᠷᠡᠭᠲᠠᠢ᠃ | ᠡᠬᠦᠨ ᠠᠴᠠ ᠭᠠᠳᠠᠨ᠎ᠠ᠂ ᠤᠯᠠᠩᠬᠢ ᠵᠢᠯᠤᠭᠤᠴᠢ ᠠᠶᠠᠨᠴᠢᠨ ᠲᠠᠢ ᠵᠤᠭᠤᠭ ᠲᠡᠯᠭᠡᠬᠦ ᠲᠤᠷᠠᠳᠠᠢ ᠪᠠᠶᠢᠳᠠᠭ᠃ | ᠵᠢᠯᠤᠭᠤᠴᠢ ᠲᠠᠢ ᠵᠤᠭᠤᠭᠳᠠᠬᠤ ᠳᠠᠭᠠᠨ ᠦᠪᠡᠷ ᠤᠨ ᠢᠶᠠᠨ ᠲᠤᠬᠠᠢ ᠢᠯᠡᠬᠦᠦ ᠶᠠᠷᠢᠬᠤ ᠦᠭᠡᠢ ᠪᠠᠶᠢᠬᠤ ᠶᠢ ᠬᠢᠴᠢᠶᠡᠭᠡᠷᠠᠢ | ᠂ ᠢᠯᠠᠩᠭᠤᠶ᠎ᠠ ᠬᠠᠨᠢ ᠨᠦᠬᠦᠷ ᠦᠭᠡᠢ᠂ ᠬᠦᠷᠦᠩᠭᠡ ᠮᠦᠡᠭᠬᠦ ᠡᠯᠪᠡᠭ ᠭᠡᠬᠦ ᠮᠡᠳᠤ ᠶᠢᠨ ᠵᠦᠢᠯ ᠢ ᠶᠠᠷᠢᠵᠤ ᠪᠤᠯᠬᠤ ᠦᠭᠡᠢ | ᠃ ᠲᠡᠷᠭᠡᠨ ᠳᠤ ᠰᠠᠭᠤᠬᠤ ᠦᠶ᠎ᠡ ᠶᠢᠨ ᠠᠩᠬᠠᠷᠬᠤ ᠵᠦᠢᠯ ᠶᠠᠭᠤᠨ ᠤ ᠤᠷᠢᠳ ᠰᠠᠭᠤᠬᠤ ᠤᠷᠤᠨ ᠪᠠᠶᠢᠷᠢ ᠪᠠᠨ | ᠠᠩᠬᠠᠷᠬᠤ ᠬᠡᠷᠡᠭᠲᠠᠢ᠂ ᠬᠡᠷᠪᠡ ᠡᠩ ᠤᠨ ᠲᠦᠷᠢᠶᠡᠰᠦᠨ ᠮᠠᠰᠢᠨ ᠪᠤᠶᠤ ᠰᠦᠯᠵᠢᠶᠡᠨ ᠤ ᠲᠦᠷᠢᠶᠡᠰᠦᠨ ᠮᠠᠰᠢᠨ ᠪᠤᠯ | ᠵᠢᠯᠤᠭᠤᠴᠢ ᠶᠢᠨ ᠠᠷᠤ ᠶᠢᠨ ᠰᠠᠭᠤᠳᠠᠯ ᠳᠤ ᠰᠠᠭᠤᠵᠤ ᠪᠤᠯᠤᠨ᠎ᠠ᠂ ᠢᠡᠭᠬᠢᠪᠡᠯ ᠵᠢᠯᠤᠭᠤᠴᠢ ᠶᠢᠨ ᠬᠦᠳᠡᠯᠦᠯ ᠪᠠᠷᠢᠯ ᠢ | ᠲᠤᠳᠤᠷᠬᠠᠢ ᠤᠯᠵᠤ ᠦᠵᠡᠬᠦ ᠪᠦᠭᠡᠳ ᠵᠢᠯᠤᠭᠤᠴᠢ ᠴᠦ ᠬᠢᠯᠪᠠᠷᠬᠠᠨ ᠢᠶᠠᠷ ᠲᠠᠭᠠᠷᠢᠯᠲᠠ ᠶᠠᠪᠤᠭᠤᠯᠬᠤ ᠴᠢᠳᠠᠬᠤ ᠦᠭᠡᠢ | ᠶᠤᠮ᠃ | ᠵᠠᠮ ᠤᠨ ᠲᠡᠷᠭᠡᠨ ᠳᠤ ᠰᠠᠭᠤᠪᠠᠯ ᠵᠢᠯᠤᠭᠤᠴᠢ ᠶᠢᠨ ᠬᠠᠵᠠᠭᠤ ᠶᠢᠨ ᠰᠠᠭᠤᠳᠠᠯ ᠳᠤ ᠰᠠᠭᠤᠬᠤ ᠨᠢ ᠵᠦᠪ᠂ | ᠠᠷᠤ ᠶᠢᠨ ᠰᠠᠭᠤᠳᠠᠯ ᠳᠤ ᠰᠠᠭᠤᠪᠠᠯ ᠶᠤᠰᠤ ᠠᠯᠳᠠᠭᠰᠠᠨ ᠳᠤ ᠲᠤᠭᠠᠴᠠᠭᠳᠠᠨ᠎ᠠ᠂ ᠡᠬᠦᠨ ᠢ ᠪᠤᠲᠠᠲᠠᠢ ᠪᠠᠶᠢᠳᠠᠯ ᠢᠶᠠᠨ | ᠦᠨᠳᠦᠰᠦᠯᠡᠵᠤ ᠰᠤᠩᠭᠤᠵᠤ ᠪᠤᠯᠤᠨ᠎ᠠ᠃ ᠬᠡᠷᠪᠡ ᠰᠦᠨᠢ ᠤᠷᠤᠢ ᠲᠡᠷᠭᠡᠨ ᠳᠤ ᠰᠠᠭᠤᠪᠠᠯ ᠲᠡᠷᠭᠡᠨ ᠤ ᠴᠤᠩᠬᠤ ᠶᠢ | ᠵᠢᠭᠠᠬᠠᠨ ᠵᠠᠪᠰᠠᠷᠯᠠᠵᠤ᠂ ᠮᠣᠩᠬᠠᠷᠠᠭᠤᠯᠬᠤ ᠡᠮ ᠮᠡᠳᠤ ᠶᠢᠨ ᠵᠦᠢᠯ ᠠᠴᠠ ᠰᠡᠷᠭᠡᠶᠢᠯᠡᠬᠦ ᠬᠡᠷᠡᠭᠲᠠᠢ᠂ ᠲᠦᠭᠰᠢᠬᠦᠷᠢ ᠳᠤ | ᠤᠴᠠᠷᠠᠭᠰᠠᠨ ᠴᠦ ᠭᠠᠳᠠᠭᠰᠢ ᠲᠤᠰᠠᠯᠠᠮᠵᠢ ᠭᠤᠶᠤᠬᠤ ᠳᠤ ᠲᠦᠬᠦᠮ ᠪᠠᠶᠢᠳᠠᠭ᠃ ᠲᠦᠷᠢᠶᠡᠰᠦᠨ ᠲᠡᠷᠭᠡᠨ ᠳᠤ | ᠰᠠᠭᠤᠬᠤ ᠳᠠᠭᠠᠨ ᠤᠨᠳᠠᠵᠤ ᠦᠷᠭᠡᠯᠡᠵᠤ ᠪᠤᠯᠬᠤ ᠦᠭᠡᠢ᠂ ᠦᠭᠢᠨ ᠬᠦᠮᠦᠨ ᠲᠦᠷᠢᠶᠡᠰᠦᠨ ᠲᠡᠷᠭᠡᠨ ᠳᠤ | ᠰᠠᠭᠤᠬᠤ ᠳᠠᠭᠠᠨ ︽ᠪᠡᠶ᠎ᠡ ᠪᠠᠨ ᠬᠠᠮᠠᠭᠠᠯᠠᠬᠤ ᠡᠳ᠋︾ ᠠᠪᠴᠦ ᠶᠠᠪᠤᠪᠠᠯ ᠰᠠᠶᠢᠨ᠃ ᠵᠠᠮ ᠵᠠᠭᠤᠷ᠎ᠠ ᠪᠠᠨ | ᠰᠦᠯᠵᠢᠶᠡᠨ ᠳᠤ ᠭᠠᠷᠴᠦ ᠵᠠᠮ ᠱᠤᠭᠤᠮ ᠢᠶᠠᠨ ᠦᠵᠡᠵᠤ᠂ ᠵᠢᠯᠤᠭᠤᠴᠢ ᠶᠢᠨ ᠲᠤᠭᠤᠷᠢᠤ ᠪᠤᠷᠤᠭᠤ ᠵᠠᠮ ᠢᠶᠠᠷ | ᠵᠠᠮᠨᠠᠬᠤ ᠠᠴᠠ ᠬᠡᠷᠰᠡᠦᠯᠡᠬᠦ ᠬᠡᠷᠡᠭᠲᠠᠢ᠃ ᠲᠡᠷᠭᠡᠨ ᠦᠷᠲᠡᠭᠡ ᠪᠤᠶᠤ ᠵᠠᠷᠢᠮ ᠬᠦᠮᠦᠨ ᠬᠠᠷ᠎ᠠ ᠲᠦᠪᠯᠡᠷᠡᠭᠰᠡᠨ ᠭᠠᠵᠠᠷ ᠲᠤ | ᠪᠤᠯ ᠠᠯᠢ ᠪᠤᠯᠬᠤ ᠪᠠᠷ ᠵᠠᠮᠨᠠᠵᠤ ᠪᠠᠶᠢᠭ᠎ᠠ ᠲᠡᠷᠭᠡ ᠶᠢ ᠲᠠᠭᠤᠳᠠᠬᠤ ᠬᠡᠷᠡᠭᠲᠠᠢ᠂ ᠬᠠᠷᠢᠨ ᠵᠠᠮ ᠤᠨ ᠬᠠᠵᠠᠭᠤ ᠳᠤ | ᠵᠤᠭᠰᠤᠭᠠᠳ ᠠᠶᠠᠨᠴᠢᠨ ᠲᠠᠳᠠᠵᠤ ᠪᠠᠶᠢᠭ᠎ᠠ ᠲᠡᠷᠭᠡᠨ ᠳᠤ ᠰᠠᠭᠤᠵᠤ ᠪᠤᠯᠬᠤ ᠦᠭᠡᠢ᠃ | |