1. ᠤᠰᠤ ᠢᠯᠡᠭᠦᠦ ᠤᠤᠭᠤᠨ᠎ᠠ᠃ ᠤᠰᠤ ᠢᠯᠡᠭᠦᠦ ᠤᠤᠭᠤᠵᠤ ᠠᠷᠪᠢᠨ ᠰᠢᠭᠡᠬᠦ ᠨᠢ ᠪᠠᠺᠲ᠋ᠧᠷᠢ᠂ | ᠦᠮᠡᠨ ᠡᠭᠦᠰᠭᠡᠭᠴᠢ ᠡᠳ᠋᠂ ᠴᠢᠯᠠᠭᠤᠵᠢᠯ ᠡᠭᠦᠰᠭᠡᠭᠴᠢ ᠡᠳ᠋ ᠢ ᠳᠦᠷᠭᠡᠨ ᠭᠠᠳᠠᠭᠰᠢᠯᠠᠭᠤᠯᠵᠤ᠂ ᠪᠦᠭᠡᠷ᠎ᠡ | ᠳᠠᠪᠤᠰᠠᠩ ᠤᠨ ᠬᠤᠬᠢᠷᠠᠯ ᠢ ᠰᠡᠷᠭᠡᠶᠢᠯᠡᠳᠡᠭ᠃ | 2. ᠫᠢᠸᠣ᠋ ᠶᠢ ᠬᠡᠮᠵᠢᠶ᠎ᠠ ᠲᠠᠢ ᠤᠤᠭᠤᠨ᠎ᠠ᠃ ᠫᠢᠸᠣ᠋ ᠨᠢ ᠰᠢᠭᠡᠰᠦ ᠢᠯᠭᠠᠷᠠᠭᠤᠯᠬᠤ ᠪᠠ | ᠭᠠᠳᠠᠭᠰᠢᠯᠠᠭᠤᠯᠬᠤ ᠳᠤ ᠪᠠᠶᠢᠳᠠᠭ᠃ ᠭᠡᠪᠡᠴᠦ ᠫᠢᠸᠣ᠋ ᠳᠤ ᠠᠭᠤᠯᠳᠠᠭ ᠡᠪᠡᠰᠦᠨ ᠬᠦᠴᠢᠯ ᠵᠡᠷᠭᠡ ᠨᠢ ᠪᠦᠭᠡᠷ᠎ᠡ ᠶᠢᠨ | ᠴᠢᠯᠠᠭᠤᠵᠢᠯ ᠡᠭᠦᠰᠭᠡᠬᠦ ᠠᠶᠤᠯ ᠢ ᠠᠪᠴᠢᠷᠠᠳᠠᠭ᠃ | 3. ᠴᠢᠯᠠᠭᠤᠵᠢᠯ ᠡᠭᠦᠰᠭᠡᠳᠡᠭ ᠰᠢᠭᠡᠰᠦᠨ ᠬᠦᠴᠢᠯ ᠪᠤᠢ ᠪᠤᠯᠭᠠᠳᠠᠭ ᠤᠯᠠᠭᠠᠨ ᠢᠳᠡᠭᠡᠨ ᠪᠠ ᠠᠮᠢᠳᠠᠨ ᠤ | ᠳᠤᠳᠤᠷ ᠪᠠᠭ᠎ᠠ ᠢᠳᠡᠨ᠎ᠠ᠃ ᠡᠳᠦᠷ ᠳᠤᠳᠤᠮ ᠢᠳᠡᠭᠡᠨ ᠤ ᠰᠢᠷᠭᠡᠭᠯᠢᠭ ᠡᠯᠪᠡᠭ ᠢᠳᠡᠭᠡᠨ ᠢᠯᠡᠭᠦᠦ ᠢᠳᠡᠨ᠎ᠠ᠃ | 4. ᠳᠠᠪᠤᠰᠤ ᠪᠠᠭ᠎ᠠ ᠢᠳᠡᠨ᠎ᠠ᠃ ᠳᠠᠪᠤᠰᠤ ᠪᠦᠭᠡᠷ᠎ᠡ ᠶᠢᠨ ᠳᠠᠷᠤᠭᠠᠰᠤ ᠶᠢ ᠬᠦᠨᠳᠦᠷᠡᠭᠦᠯᠵᠦ᠂ ᠴᠢᠯᠠᠭᠤᠵᠢᠯ | ᠡᠭᠦᠰᠭᠡᠵᠦ ᠮᠡᠳᠡᠬᠦ ᠪᠤᠳᠠᠰ ᠤᠨ ᠭᠠᠳᠠᠭᠰᠢᠯᠠᠭᠤᠯᠤᠯᠳᠠ ᠳᠤ ᠬᠠᠷᠰᠢ ᠪᠤᠯᠳᠠᠭ᠃ ᠡᠳᠦᠷ ᠤᠨ ᠢᠳᠡᠭᠦ ᠳᠠᠪᠤᠰᠤᠨ ᠤ | ᠬᠡᠮᠵᠢᠶ᠎ᠠ ᠨᠢ 5 ᠭᠷᠡᠮ ᠠᠴᠠ ᠲᠠᠪᠠᠭ᠋ᠤ ᠦᠭᠡᠢ ᠪᠤᠯ ᠰᠠᠶᠢᠨ᠃ | 5. ᠦᠷᠭᠡᠰᠦᠳᠦ ᠨᠤᠭᠤᠭ᠎ᠠ ᠶᠢᠨ ᠡᠪᠡᠰᠦᠨ ᠬᠦᠴᠢᠯ ᠤᠨ ᠠᠭᠤᠯᠤᠭᠳᠠᠴᠠ ᠳᠤᠩ ᠦᠨᠳᠦᠷ ᠪᠠᠶᠢᠳᠠᠭ᠃ | 90% ᠤᠨ ᠴᠢᠯᠠᠭᠤᠵᠢᠯ ᠳᠤ ᠪᠦᠷ ᠺᠠᠯᠽ ᠠᠭᠤᠯᠵᠤ ᠪᠠᠶᠢᠳᠠᠭ᠂ ᠳᠡᠭᠡᠭᠡᠳ ᠡᠪᠡᠰᠦᠨ ᠬᠦᠴᠢᠯ ᠤᠨ ᠺᠠᠯᠽ ᠤᠨ | ᠴᠢᠯᠠᠭᠤᠵᠢᠯ ᠲᠠᠢ ᠡᠪᠡᠳᠴᠢᠳᠠᠨ 87.5% ᠤᠷᠴᠢᠮ ᠢ ᠡᠵᠡᠯᠡᠳᠡᠭ᠃ | 6. ᠢᠳᠡᠰᠢᠨ ᠨᠤᠭᠤᠭ᠎ᠠ ᠵᠢᠮᠢᠰ ᠢᠯᠡᠭᠦᠦ ᠢᠳᠡᠨ᠎ᠠ᠃ ᠢᠳᠡᠰᠢᠨ ᠨᠤᠭᠤᠭ᠎ᠠ ᠪᠠ ᠵᠢᠮᠢᠰ ᠲᠤ ᠸᠢᠲ᠋ᠠᠮᠢᠨ | B1 ᠪᠠ ᠸᠢᠲ᠋ᠠᠮᠢᠨ C ᠡᠯᠪᠡᠭ ᠠᠭᠤᠯᠤᠬᠳᠠᠵᠤ᠂ ᠱᠦᠯᠳᠦᠯᠢᠭ ᠪᠤᠳᠠᠰ ᠢᠯᠭᠠᠷᠠᠭᠤᠯᠵᠤ ᠭᠠᠷᠭᠠᠳᠠᠭ ᠨᠢ ᠰᠢᠭᠡᠰᠦᠨ | ᠬᠦᠴᠢᠯ ᠤᠨ ᠵᠠᠳᠠᠷᠠᠯ ᠢ ᠲᠦᠷᠭᠡᠳᠭᠡᠵᠦ ᠴᠢᠯᠠᠭᠤᠵᠢᠯ ᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃ | 7. ᠤᠨᠳᠠᠬᠤ ᠠᠴᠠ ᠪᠠᠨ ᠡᠮᠦᠨ᠎ᠠ ᠦᠨᠢᠶᠡᠨ ᠰᠦ ᠪᠢᠳᠡᠭᠡᠢ ᠤᠤᠭᠤ᠃ ᠦᠨᠢᠶᠡᠨ ᠰᠦ ᠳᠤ ᠺᠠᠯᠽ ᠡᠯᠪᠡᠭ | ᠠᠭᠤᠯᠳᠠᠭ᠃ ᠦᠨᠢᠶᠡᠨ ᠰᠦ ᠤᠤᠭᠤᠭᠰᠠᠨ ᠤ ᠳᠠᠷᠠᠭᠠᠬᠢ 2 — 3 ᠴᠠᠭ ᠪᠤᠯ ᠶᠠᠬ ᠪᠦᠭᠡᠷ᠎ᠠ ᠺᠠᠯᠽ ᠢ | ᠭᠠᠳᠠᠭᠰᠢᠯᠠᠭᠤᠯᠬᠤ ᠭᠤᠤᠯ ᠴᠠᠭ ᠪᠤᠯᠤᠨ᠎ᠠ᠂ ᠡᠨᠡ ᠨᠢ ᠶᠠᠬ ᠤᠨᠳᠠᠵᠤ ᠪᠠᠶᠢᠬᠤ ᠳᠤ ᠳᠠᠭᠠᠷᠠᠪᠠᠯ ᠴᠢᠯᠠᠭᠤᠵᠢᠯ | ᠡᠭᠦᠰᠭᠡᠬᠦ ᠠᠶᠤᠯ ᠢ ᠨᠡᠮᠡᠭᠳᠡᠭᠦᠯᠦᠨ᠎ᠠ᠃ | 8. ᠰᠢᠬᠢᠷ ᠠᠷᠪᠢᠨ ᠢᠳᠡᠵᠦ ᠪᠤᠯᠬᠤ ᠦᠭᠡᠢ᠃ ᠰᠢᠬᠢᠷ ᠢᠳᠡᠭᠰᠡᠨ ᠤ ᠳᠠᠷᠠᠭ᠎ᠠ ᠰᠢᠭᠡᠰᠦᠨ ᠳᠠᠬᠢ ᠺᠠᠯᠽ᠂ | ᠡᠪᠡᠰᠦᠨ ᠬᠦᠴᠢᠯ ᠤᠨ ᠠᠭᠤᠯᠤᠭᠳᠠᠴᠠ ᠪᠠ ᠰᠢᠭᠡᠰᠦᠨ ᠤ ᠬᠦᠴᠢᠯ ᠤᠨ ᠬᠡᠮᠵᠢᠶ᠎ᠠ ᠪᠦᠷ ᠨᠡᠮᠡᠭᠳᠡᠳᠡᠭ᠃ | 9. ᠤᠷᠤᠢ ᠶᠢᠨ ᠬᠤᠭᠤᠯᠠ ᠪᠠᠨ ᠡᠷᠳᠡ ᠢᠳᠡᠨ᠎ᠠ᠃ ᠬᠦᠮᠦᠨ ᠤ ᠪᠡᠶ᠎ᠡ ᠶᠢᠨ ᠺᠠᠯᠽ ᠢ ᠭᠠᠳᠠᠭᠰᠢᠯᠠᠭᠤᠯᠬᠤ | ᠴᠠᠭ ᠨᠢ ᠬᠤᠭᠤᠯᠠᠨ ᠤ ᠳᠠᠷᠠᠭᠠᠬᠢ 4 — 5 ᠴᠠᠭ ᠤᠨ ᠦᠶ᠎ᠠ ᠳᠤ ᠪᠠᠶᠢᠳᠠᠭ᠃ ᠡᠨᠡ ᠦᠶ᠎ᠠ ᠳᠤ ᠤᠨᠳᠠᠵᠤ | ᠪᠠᠶᠢᠬᠤ ᠳᠠᠭᠠᠷᠠᠪᠠᠯ ᠰᠢᠭᠡᠰᠦ ᠪᠡᠶ᠎ᠡ ᠳᠤ ᠬᠠᠳᠠᠭᠠᠯᠠᠭᠳᠠᠨ ᠺᠠᠯᠽ ᠳᠤᠨᠵᠤ ᠴᠢᠯᠠᠭᠤᠵᠢᠬᠤ ᠠᠶᠤᠯ ᠢ ᠨᠡᠮᠡᠭᠳᠡᠭᠦᠯᠦᠨ᠎ᠠ᠃ |