ᠬᠦᠨᠳᠡᠯᠡᠨ ᠭᠤᠣᠯ  ᠤᠨ ᠥᠵᠡᠮᠵᠢ ᠶᠢᠨ ᠣᠷᠣᠨ
ᠨᠡᠶᠢᠲᠡᠯᠡᠭᠰᠡᠨ ᠴᠠᠭ᠄
2019/2/25
       ᠬᠦᠨᠳᠡᠯᠡᠨ ᠭᠤᠣᠯ ᠥᠵᠡᠮᠵᠢ ᠶᠢᠨ ᠣᠷᠣᠨ‌ᠤᠯᠤᠰ ᠤᠨAAA ᠳᠡᠰ ᠤᠨ ᠥᠵᠡᠮᠵᠢ ᠶᠢᠨ ᠣᠷᠣᠨ᠂ ᠣᠭ ᠨᠡᠷ᠎ᠡ ᠨᠢ ᠬᠦᠨᠳᠡᠯᠡᠨ ᠴᠦᠬᠦᠷᠦᠮ ᠤᠨ ᠦᠵᠡᠮᠵᠢ ᠶᠢᠨ ᠣᠷᠣᠨ᠃ ᠦᠪᠦᠷ ᠮᠣᠩᠭᠤᠯ ᠤᠨ ᠬᠠᠮᠤᠭ ᠶᠡᠭᠡ ᠠᠵᠣ ᠦᠢᠯᠡᠳᠪᠦᠷᠢᠳᠦ ᠬᠤᠲᠠ᠂ ᠪᠣᠭᠤᠲᠣ ᠬᠤᠲᠠ ᠶᠢᠨ ᠪᠠᠷᠠᠭᠤᠨ ᠬᠤᠶᠢᠨ᠎ᠠ 15 ᠺᠢᠯᠣᠮᠧᠲᠷ ᠤᠨ ᠮᠣᠨᠢ ᠠᠭᠤᠯᠠ ᠳᠠᠯᠠᠨ ᠬᠠᠷ᠎ᠠ ᠪᠣᠯᠣᠨ ᠵᠠᠯᠭᠠᠯᠳᠣᠬᠤ  ᠬᠠᠪᠴᠢᠯ ᠳᠤ ᠪᠠᠶᠢᠷᠢᠯᠠᠵᠦ᠂ ᠬᠤᠶᠠᠷ ᠡᠷᠭᠢ ᠶᠢᠨ ᠣᠷᠭᠢᠯ ᠰᠦᠨᠳᠡᠷᠯᠡᠵᠣ ᠳᠣᠮᠳᠠ ᠨᠢ ᠣᠰᠣ ᠣᠷᠣᠰᠴᠤ  ᠴᠠᠯᠢᠳᠠᠯ᠎ᠠ ᠨᠠᠭᠡᠭᠳᠡᠭᠰᠡᠨ ᠡᠭᠦᠳᠡ ᠮᠡᠲᠦ ᠲᠤᠯᠠ ᠨᠡᠬᠡᠭᠳᠡᠵᠦ  ᠬᠦᠨᠳᠡᠯᠡᠨ ᠭᠤᠣᠯ ᠭᠡᠭᠳᠡᠵᠡᠢ᠃  ᠨᠡᠶᠢᠲᠡ 16ᠳᠡᠭᠰᠢ ᠲᠦᠷᠪᠡᠯᠵᠢᠨ ᠺᠢᠯᠣᠮᠡᠸ᠋ᠲᠷ ᠭᠠᠵᠠᠷ ᠡᠵᠡᠯᠡᠨ᠂ ᠴᠦᠬᠦᠷᠦᠮ ᠤᠨ ᠬᠠᠮᠢᠶᠠᠷᠣᠯᠲᠠ ᠶᠢᠨ ᠭᠠᠵᠠᠷ ᠨᠢ ᠠᠭᠤᠯᠠ ᠣᠰᠣ ᠶᠢᠨ ᠪᠠᠶᠢᠭᠠᠯᠢ ᠶᠢᠨ ᠡᠬᠢ ᠪᠠᠶᠠᠯᠢᠭ ᠪᠠ ᠬᠦᠮᠦᠡᠯᠢᠭ ᠰᠣᠶᠣᠯ ᠤᠨ  ᠡᠬᠢ ᠪᠠᠶᠠᠯᠢᠭ ᠤᠨ ᠳᠠᠪᠠᠭᠤᠯᠢᠭ ᠴᠢᠨᠠᠷ ᠢ  ᠠᠰᠢᠭᠯᠠᠵᠤ ᠬᠤᠷᠢᠨ ᠬᠡᠳᠦᠨ ᠵᠢᠯ ᠤᠨ ᠠᠰᠢᠭᠯᠠᠯᠲᠠ ᠪᠠ ᠪᠠᠶᠢᠭᠤᠯᠣᠯᠲᠠ ᠶᠢ ᠦᠩᠭᠡᠷᠡᠭᠡᠵᠦ  ᠬᠦᠨᠳᠡᠯᠡᠨ ᠭᠤᠣᠯ ᠤᠨ ᠦᠵᠡᠮᠵᠢ ᠶᠢᠨ ᠣᠷᠣᠨ ᠳᠤ ᠵᠣᠣ ᠤᠷᠳᠤ ᠴᠠᠭᠠᠨ ᠬᠡᠷᠡᠮ ᠦᠯᠡᠳᠡᠭᠳᠡᠯ ᠣᠷᠣᠨ᠂ ᠵᠢᠭᠦᠷᠳᠡᠨ ᠨᠣᠲᠣᠭᠰᠢᠬᠤ ᠨᠠᠭᠤᠷ᠂ ᠣᠰᠣ ᠬᠤᠷᠢᠭᠯᠠᠬᠤ ᠲᠠᠯᠠᠩ᠂ ᠦᠶᠡᠷ ᠵᠠᠶᠢᠯᠠᠭᠤᠯᠬᠤ ᠬᠦᠨᠳᠡᠢ ︵ᠠᠭᠤᠢ︶᠂ ᠥᠶᠡᠷ ᠤᠨ ᠰᠤᠪᠠᠭ᠂ ᠼᠦᠢ ᠫᠢᠡᠭ ᠠᠭᠤᠯᠠ᠂  ᠤᠮᠠᠷᠠᠳᠦ ᠱᠠᠨᠰᠢ ᠶᠢᠨ ᠲᠣᠰᠬᠤᠨ᠂ ᠮᠣᠳᠣᠨ ᠭᠡᠷ ᠤᠨ ᠠᠮᠠᠷᠠᠯᠲᠠ ᠶᠢᠨ ᠲᠣᠰᠬᠤᠨ᠂ ᠰᠢ ᠬᠤ᠋ ᠵᠣᠰᠠᠯᠠᠩ᠂ ᠮᠣᠩᠭᠤᠯ ᠭᠡᠷ ᠵᠡᠷᠭᠡ  ᠬᠦᠨᠠᠰᠦ᠂ ᠬᠤᠨᠤᠭ᠂ ᠵᠣᠯᠭ᠎ᠠ ᠴᠡᠩᠬᠡᠯ ᠨᠢᠭᠡᠳᠭᠡᠭᠰᠡᠨ ᠵᠣᠴᠢᠯᠠᠬᠤ ᠲᠦᠬᠦᠭᠡᠷᠦᠮᠵᠢ ᠪᠠᠶᠢᠵᠦ  ᠃  ᠨᠢᠭᠡ ᠤᠳᠠᠭ᠎ᠠ ᠳᠤ 1000 ᠬᠦᠮᠦᠨ ᠬᠤᠭᠤᠯᠴᠠᠵᠤ ᠪᠤᠯᠠᠬᠤ ᠪᠦᠬᠡᠳ600 ᠬᠦᠮᠦᠨ ᠬᠤᠨᠤᠵᠦ ᠪᠤᠯᠤᠨ᠎ᠠ᠃ ᠰᠣᠮᠣᠨ ᠣᠩᠭᠤᠴᠠ᠂ ᠮᠣᠲ᠋ᠣᠷᠲᠤ ᠵᠠᠪᠢ᠂  ᠺᠠᠷᠲ ᠲᠡᠷᠭᠡ᠂  ᠬᠡᠭᠡᠷᠡᠯᠡᠬᠦ ᠲᠡᠷᠭᠡ᠂ ᠰᠠᠨᠰᠠᠷ ᠤᠨ ᠨᠢᠰᠭᠡᠯ᠂ ᠬᠠᠭᠤᠷᠠᠢ  ᠳᠡᠰᠢᠯᠲᠡ᠂  ᠵᠥᠯᠭᠡᠨ ᠳᠤ ᠭᠤᠯᠭᠤᠬᠤ᠂ ᠲᠦᠷᠭᠡᠨ  ᠪᠠᠭᠤᠯᠲᠠ᠂ ᠮᠣᠷᠢ ᠣᠷᠣᠯᠳᠣᠬᠤ᠂ ᠣᠷᠣᠰᠬᠠᠯ ᠬᠦᠪᠬᠦ᠂ ᠴᠠᠰᠣᠨ ᠳᠤ ᠭᠤᠯᠭᠤᠬᠤ ᠵᠡᠷᠭᠡ ᠠᠷᠪᠠᠨ ᠬᠡᠳᠦᠨ  ᠵᠥᠢᠯ ᠤᠨ ᠵᠠᠭᠤᠴᠠᠨ ᠨᠠᠭᠠᠳᠬᠤ ᠲᠦᠷᠦᠯ ᠵᠦᠢᠯ ᠢ ᠨᠡᠭᠡᠭᠡᠨ ᠠᠰᠢᠭᠯᠡᠵᠤ᠂ ᠵᠢᠯ ᠳᠤ 10 ᠲᠦᠮᠡᠨ ᠣᠳᠠᠭ᠎ᠠ ᠶᠢᠨ ᠵᠢᠭᠤᠯᠴᠢᠨ ᠢ ᠬᠦᠯᠢᠶᠡᠵᠦ ᠳᠡᠶᠢᠯᠦᠨ᠎ᠡ᠃       ᠲᠡᠭᠷᠢ ᠶᠢᠨ ᠪᠦᠲᠦᠭᠡᠯ᠂ ᠴᠠᠪᠴᠢᠮ᠎ᠠ ᠪᠠᠬᠢᠯᠡᠯᠲᠡ᠂ ᠦᠨᠢ ᠣᠳᠠᠭᠠᠨ ᠲᠡᠣᠬᠡ᠂ ᠭᠤᠶᠣ ᠳᠣᠮᠤᠭ ᠡᠳᠡᠭᠡᠷ ᠨᠢ ᠪᠦᠷ  ᠬᠦᠨᠳᠡᠯᠡᠨ ᠭᠤᠤᠯ ᠦᠵᠡᠮᠵᠢ ᠶᠢᠨ ᠣᠷᠣᠨ ᠤ ᠨᠢᠭᠤᠴᠠᠯᠢᠭ ᠴᠢᠨᠠᠷ ᠢ ᠨᠡᠮᠡᠭᠳᠡᠭᠦᠯᠵᠦ ᠬᠦᠮᠦᠰ ᠢ ᠰᠡᠳᠭᠢᠯ ᠬᠤᠷᠭᠤᠳᠠᠭᠤᠯᠣᠨ᠎ᠠ᠃ ᠬᠦᠨᠳᠡᠯᠡᠨ ᠭᠤᠣᠯ ᠦᠵᠡᠮᠵᠢ ᠶᠢᠨ ᠣᠷᠣᠨ ᠳᠠᠬᠢ ᠬᠦᠨᠳᠡᠯᠡᠨ ᠴᠦᠬᠦᠷᠦᠮ ᠨᠢ 1958 ᠣᠨ ᠳᠤ ᠪᠠᠶᠢᠭᠤᠯᠣᠭᠳᠠᠵᠣ᠂ 7850 ᠲᠦᠮᠡᠨ ᠪᠤᠰᠤᠭ᠎ᠠ ᠳᠦᠷᠪᠡᠯᠵᠢᠨ ᠮᠧᠲᠷ ᠭᠠᠵᠠᠷ ᠡᠵᠡᠯᠡᠵᠦ  ᠂ 469 ᠮᠧᠲᠷ ᠣᠷᠲᠣ ᠣᠰᠣ ᠬᠤᠷᠢᠭᠯᠠᠬᠤ ᠲᠠᠯᠠᠩ  ᠬᠠᠪᠴᠢᠯ ᠢ ᠬᠦᠨᠳᠡᠯᠢᠰᠴᠦ᠂ ᠦᠶᠡᠷ ᠵᠠᠶᠢᠯᠠᠭᠤᠯᠬᠤ᠂ ᠣᠰᠣ ᠬᠠᠩᠭᠠᠬᠤ᠂ ᠣᠰᠣ ᠬᠠᠮᠠᠭᠠᠯᠠᠬᠤ᠂ ᠵᠢᠭᠤᠯᠴᠢᠯᠠᠯ  ᠪᠦᠬᠦᠨ ᠢ ᠪᠠᠭᠳᠠᠭᠠᠭᠰᠠᠨ  ᠶᠡᠷᠦᠩᠬᠡᠶᠢᠯᠡᠭᠰᠡᠨ ᠴᠢᠨᠠᠷᠲᠠᠢ ᠣᠰᠣᠵᠢᠭᠤᠯᠬᠤ  ᠢᠨᠵᠧᠨᠧᠷᠢᠩ ᠮᠦᠨ᠃ ᠣᠰᠣᠨ ᠴᠦᠬᠦᠷᠦᠮ  ᠪᠠᠶᠢᠭᠤᠯᠤᠯᠲᠠ ᠠᠰᠢᠭᠯᠡᠭ᠌ᠳᠠᠭᠰᠠᠨ ᠲᠦᠴᠢᠨ ᠵᠢᠯ ᠤᠨ ᠬᠤᠭᠤᠷᠣᠨᠳᠦ100  ᠢᠯᠡᠭᠦᠦ ᠣᠳᠠᠭ᠎ᠠ ᠦᠶᠡᠷ ᠢ ᠬᠤᠷᠢᠭᠯᠠᠵᠣ᠂ 9 ᠳ᠋ᠥᠡᠭᠰᠢᠭᠤᠷ ᠲᠣᠨ ᠠᠵᠣ ᠦᠢᠯᠡᠳᠪᠦᠷᠢ ᠲᠠᠷᠢᠶᠠᠯᠠᠩ ᠤᠨ ᠣᠰᠣ ᠶᠢᠨ ᠬᠠᠩᠭᠠᠯᠭ᠎ᠠ ᠶᠢ ᠪᠡᠶᠡᠯᠡᠭᠦᠯᠦᠨ ᠪᠣᠭᠤᠲᠣ ᠬᠤᠲᠠ ᠶᠢᠨ ᠠᠵᠣ ᠠᠬᠤᠢ ᠶᠢᠨ ᠬᠦᠭᠵᠢᠯᠳᠡ ᠪᠤᠯᠤᠨ ᠨᠡᠶᠢᠭᠡᠮ ᠤᠨ ᠳᠠᠪᠰᠢᠯᠲᠠ ᠳᠤ ᠴᠢᠬᠤᠯᠠ ᠬᠤᠪᠢ ᠨᠡᠮᠡᠷᠢ ᠦᠵᠡᠭᠦᠯᠵᠡᠢ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号