ᠪᠤᠭᠤᠳᠤ ᠪᠤᠯᠤᠳ ᠤᠨ ᠲᠦᠷᠪᠡᠳᠦᠬᠡᠷ ᠪᠠᠭ᠎ᠠ ᠰᠤᠷᠭᠠᠭᠤᠯᠢ
ᠨᠡᠶᠢᠲᠡᠯᠡᠭᠰᠡᠨ ᠴᠠᠭ᠄
2019/3/6
      ᠪᠤᠭᠤᠳᠤ ᠪᠤᠯᠤᠳ ᠤᠨ ᠺᠤᠮᠫᠠᠨᠢ ᠶᠢᠨ ᠲᠦᠷᠪᠡᠳᠦᠬᠡᠷ ᠪᠠᠭ᠎ᠠ ᠰᠤᠷᠭᠠᠭᠤᠯᠢ ᠪᠤᠯ ᠬᠦᠨᠳᠡᠯᠡᠨ ᠲᠤᠭᠤᠷᠢᠭ ᠤᠨ ᠠᠨᠱᠠᠨ ᠵᠠᠮ ᠤᠨ ᠲᠤᠮᠳᠠ ᠬᠡᠰᠡᠭ ᠤᠨ 102 ᠳ᠋ᠤᠭᠠᠷ ᠨᠤᠮᠧᠷ ᠲᠤ ᠪᠠᠶᠢᠷᠢᠯᠠᠵᠤ ᠪᠠᠶᠢᠭ᠎ᠠ ᠨᠢᠬᠡᠨ 60 ᠵᠢᠯ ᠤᠨ ᠲᠡᠦᠬᠡ ᠲᠠᠢ ᠪᠦᠬᠦᠯᠢ ᠡᠳᠦᠷ ᠤᠨ ᠲᠦᠷᠢᠮᠳᠤ ᠪᠠᠭ᠎ᠠ ᠰᠤᠷᠭᠠᠭᠤᠯᠢ ᠪᠤᠯᠬᠤ ᠶᠤᠮ᠃ ᠤᠳᠤ ᠶᠢᠨ ᠰᠤᠷᠭᠠᠭᠤᠯᠢ ᠶᠢᠨ ᠪᠠᠶᠢᠷᠢ ᠶᠢᠨ ᠠᠰᠠᠷ ᠪᠤᠯ ᠨᠢᠬᠡᠨ ᠰᠠᠭᠤᠷᠢ ᠲᠦᠷᠪᠡᠨ ᠲᠠᠪᠬᠤᠷᠯᠢᠭ ᠤᠨ ᠲᠡᠭᠳᠡᠷᠳᠤ ᠲᠤᠮᠤ ᠠᠰᠠᠷ ᠪᠠᠶᠢᠵᠤ᠂ ᠪᠦᠳᠦᠬᠡᠨ ᠪᠠᠶᠢᠭᠤᠯᠤᠯᠳᠠ ᠶᠢᠨ ᠶᠠᠷᠦᠩᠬᠡᠢ ᠲᠠᠯᠠᠪᠠᠢ 4338 ᠲᠡᠭᠰᠢ ᠲᠦᠷᠪᠡᠯᠵᠢᠨ ᠮᠧᠲᠷ ᠪᠠᠶᠢᠵᠤ᠂ ᠰᠤᠷᠭᠠᠭᠤᠯᠢ ᠶᠢᠨ ᠲᠠᠮᠢᠷ ᠤᠨ ᠲᠠᠯᠠᠪᠠᠢ 5500 ᠲᠡᠭᠰᠢ ᠲᠦᠷᠪᠡᠯᠵᠢᠨ ᠮᠧᠲᠷ᠂ 200 ᠮᠧᠲᠷ ᠤᠨ ᠲᠤᠭᠤᠷᠢᠭ ᠬᠡᠯᠪᠡᠷᠢ ᠶᠢᠨ ᠬᠦᠶᠦᠯᠳᠡ ᠶᠢᠨ ᠵᠠᠮ ᠨᠢᠬᠡ᠂ ᠬᠠᠳᠠᠭᠤᠷᠠᠭᠤᠯᠤᠬᠰᠠᠨ ᠵᠢᠵᠢᠭ ᠲᠠᠮᠢᠷ ᠤᠨ  ᠲᠠᠯᠠᠪᠤᠷ ᠨᠢᠬᠡ ᠪᠤᠢ᠃ ᠰᠤᠷᠭᠠᠭᠤᠯᠢ ᠶᠢᠨ ᠭᠤᠶᠤ ᠰᠠᠶᠢᠬᠠᠨ ᠤᠷᠴᠢᠨ ᠲᠤᠭᠤᠷᠢᠨ ᠨᠢ ᠨᠤᠭᠤᠭᠠᠷᠠᠭᠤᠯᠤᠯᠳᠠ᠂ ᠭᠤᠶᠤᠵᠢᠭᠤᠯᠤᠯᠳᠠ᠂ ᠴᠡᠪᠡᠷᠰᠢᠬᠦᠯᠦᠯᠳᠡ ᠶᠢ ᠨᠢᠬᠡ ᠴᠤᠬᠴᠠᠵᠢᠭᠤᠯᠵᠠᠢ᠃ 2006 ᠤᠨ ᠤ 9 ᠰᠠᠷ᠎ᠠ  ᠳᠤ ᠪᠤᠭᠤᠳᠤ ᠪᠤᠯᠤᠳ ᠤᠨ ᠲᠦᠷᠪᠡᠳᠦᠬᠡᠷ ᠪᠠᠭ᠎ᠠ ᠰᠤᠷᠭᠠᠭᠤᠯᠢ ᠪᠤᠯᠤᠨ ᠪᠤᠭᠤᠳᠤ ᠶᠢᠨ ᠪᠤᠯᠤᠳ ᠲᠡᠮᠦᠷ ᠤᠨ ᠶᠢᠰᠦᠳᠦᠬᠡᠷ ᠪᠠᠭ᠎ᠠ ᠰᠤᠷᠭᠠᠭᠤᠯᠢ ᠶᠢ ᠨᠡᠶᠢᠯᠡᠭᠦᠯᠦᠨ ᠨᠢᠬᠡ ᠰᠤᠷᠭᠠᠭᠤᠯᠢ ᠪᠤᠯᠭᠠᠵᠤ᠂ ᠪᠤᠭᠤᠳᠤ ᠪᠤᠯᠤᠳ ᠤᠨ ᠲᠦᠷᠪᠡᠳᠦᠬᠡᠷ ᠪᠠᠭ᠎ᠠ ᠰᠤᠷᠭᠠᠭᠤᠯᠢ ᠬᠡᠵᠤ ᠨᠠᠷᠡᠯᠡᠪᠠ᠃ ᠰᠤᠷᠭᠠᠭᠤᠯᠢ ᠶᠢᠨ ᠤᠳᠤ ᠪᠠᠶᠢᠭ᠎ᠠ ᠪᠠᠭᠰᠢ ᠠᠵᠢᠯᠳᠠᠨ 68 ᠬᠦᠮᠦᠨ᠂ ᠲᠤᠰᠬᠠᠢ ᠲᠤᠰᠢᠶᠠᠯ ᠲᠠᠢ ᠪᠠᠭᠰᠢ 63 ᠪᠠᠶᠢᠵᠤ᠂ ᠬᠢᠴᠢᠶᠡᠯ ᠡᠬᠦᠷᠬᠡᠯᠡᠵᠤ ᠪᠠᠶᠢᠭ᠎ᠠ ᠪᠦᠬᠦ ᠪᠠᠭᠰᠢ ᠨᠡᠷ ᠤᠨ ᠰᠤᠷᠤᠯᠭ᠎ᠠ ᠶᠢᠨ ᠨᠡᠮᠳᠡᠷ ᠤᠨ ᠬᠢᠷᠢ ᠲᠡᠩᠴᠡᠭᠰᠡᠨ ᠨᠤᠷᠮ᠎ᠠ 100%᠎ ᠳᠤ ᠬᠦᠷᠴᠡᠢ᠃ ᠶᠡᠭᠡ ᠰᠤᠷᠭᠠᠭᠤᠯᠢ ᠪᠡ ᠲᠤᠰᠬᠠᠢ ᠮᠡᠷᠬᠡᠵᠢᠯ ᠤᠨ ᠲᠡᠬᠡᠳᠤ ᠰᠤᠷᠭᠠᠭᠤᠯᠢ ᠠᠴᠠ ᠲᠡᠭᠡᠭᠰᠢᠬᠢ ᠰᠤᠷᠤᠯᠭ᠎ᠠ ᠶᠢᠨ ᠨᠡᠮᠳᠡᠷ 98.5%᠎ ᠶᠢ ᠡᠵᠡᠯᠡᠵᠤ᠂ ᠲᠡᠬᠡᠳᠤ ᠵᠡᠷᠬᠡ ᠶᠢᠨ ᠪᠠᠭᠰᠢ 29᠂ ᠲᠤᠮᠳᠠ ᠵᠡᠷᠬᠡ ᠶᠢᠨ ᠪᠠᠭᠰᠢ 23᠂ ᠨᠠᠮ ᠤᠨ ᠬᠡᠰᠢᠬᠦᠨ 19᠂ ᠡᠪ ᠬᠠᠮᠳᠤ ᠵᠠᠯᠠᠭᠤᠴᠤᠳ ᠤᠨ ᠡᠪᠯᠡᠯ ᠤᠨ ᠬᠡᠰᠢᠬᠦᠨ 5 ᠬᠦᠮᠦᠨ ᠪᠤᠢ᠃ ᠰᠤᠷᠭᠠᠭᠤᠯᠢ ᠶᠢᠨ ᠤᠳᠤ ᠪᠠᠶᠢᠭ᠎ᠠ ᠵᠢᠭᠠᠨ ᠰᠤᠷᠭᠠᠯᠳᠠ ᠶᠢᠨ ᠠᠩᠬᠢ 24᠂ ᠪᠦᠬᠦ ᠰᠤᠷᠤᠬᠴᠢᠳ ᠤᠨ ᠲᠤᠭ᠎ᠠ 974 ᠬᠦᠮᠦᠨ ᠪᠤᠢ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号