ᠭᠢᠨᠭ᠍ᠭᠤᠤᠯᠠᠬᠤ
ᠨᠡᠶᠢᠲᠡᠯᠡᠭᠰᠡᠨ ᠴᠠᠭ᠄
2019/6/11
       ᠤᠷᠤᠯᠳᠤᠭᠠᠨ ᠮᠤᠷᠢ ᠤᠨᠤᠭᠴᠢ ᠭᠡᠥᠭᠡᠳ ᠮᠤᠷᠢᠨ ᠤ ᠪᠠᠨ ᠴᠤᠭ ᠵᠢᠪᠬᠤᠭ᠎ᠠ ᠶᠢ ᠰᠡᠷᠭᠦᠭᠡᠭᠦ᠂ ᠬᠤᠷᠳᠤᠴᠠ ᠭᠥᠶᠥᠳᠠᠯ ᠢ ᠨᠢ ᠨᠡᠮᠡᠭᠳᠡᠭᠦᠯᠭᠦ ᠵᠤᠷᠢᠯᠭ᠎ᠠ ᠪᠠᠷ ᠭᠡᠶᠢᠨ — ᠭᠤᠤ᠂ ᠭᠡᠶᠢᠨ — ᠭᠤᠤ ᠭᠡᠵᠥ ᠬᠠᠨᠭ᠍ᠭᠢᠨᠠᠮ᠎ᠠ ᠴᠠᠩᠭᠢᠨᠠᠮ᠎ᠠ ᠲᠠᠭᠤᠨ ᠢᠶᠠᠷ ᠤᠷᠳᠤᠯᠠᠭᠤᠯᠤᠨ ᠠᠶᠠᠯᠤᠭᠤᠯᠳᠠᠭ᠃ ᠡᠭᠦᠨ ᠢ ᠭᠢᠨᠭ᠍ᠭᠤᠤᠯᠬᠠᠤ ︵ᠭᠡᠶᠢᠨ ᠭᠤᠤᠯᠠᠬᠤ︶ ᠭᠡᠳᠡᠭ᠃ ᠤᠷᠤᠯᠳᠤᠭᠠᠨ ᠮᠤᠷᠢᠳ ᠢ ᠨᠠᠶᠢᠷ ᠤᠨ ᠲᠠᠯᠠᠪᠠᠢ ᠳᠤ ᠴᠠᠴᠡᠷ ᠡᠷᠭᠢᠭᠦ ᠥᠶ᠎ᠠ ᠪᠠᠷ ᠭᠢᠨᠭ᠍ᠭᠤᠤᠯᠠᠬᠤ ᠳᠤ ᠤᠷᠤᠯᠳᠤᠭᠠᠨ ᠮᠤᠷᠢᠳ ᠤᠨ ᠬᠤᠶᠠᠷ ᠴᠢᠭᠢ ᠰᠤᠷᠳᠤᠯᠵᠠᠨ᠂ ᠴᠤᠭ ᠵᠢᠪᠬᠤᠭ᠎ᠠ ᠨᠢ ᠰᠡᠷᠭᠦᠳᠡᠭ᠃ ᠤᠷᠤᠯᠳᠤᠭᠠᠨ ᠤ ᠶᠠᠪᠤᠴᠠ ᠳᠤ ᠤᠨᠤᠭᠴᠢ ᠭᠡᠥᠭᠡᠳ ᠲᠠᠰᠢᠭᠤᠷ ᠢᠶᠠᠨ ᠡᠷᠭᠢᠯᠳᠤᠭᠦᠯᠥᠨ ᠭᠢᠨᠭ᠍ᠭᠤᠤᠯᠠᠬᠤ ᠳᠤ ᠤᠷᠤᠯᠳᠤᠭᠠᠨ ᠮᠤᠷᠢᠨ ᠤ ᠤᠮᠤᠭ ᠪᠠᠳᠠᠷᠠᠵᠤ᠂ ᠬᠤᠷᠳᠤᠴᠠ ᠨᠡᠮᠡᠭᠳᠠᠨ ᠵᠢᠷᠪᠢᠯᠵᠡᠳᠡᠭ ᠨᠢ ᠤᠷᠤᠯᠳᠤᠭᠠᠨ ᠮᠤᠷᠢ᠂ ᠤᠨᠤᠭᠴᠢ ᠭᠡᠥᠭᠡᠳ ᠤᠨ ᠤᠬᠠᠭᠠᠨ ᠰᠠᠨᠠᠭ᠎ᠠ ᠨᠢᠭᠡᠳᠥᠭᠰᠡᠨ ᠤ ᠨᠢᠭᠡᠨ ᠲᠤᠳᠤᠷᠬᠠᠢ ᠢᠯᠠᠷᠠᠯ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号