ᠭᠡᠭᠦᠥ ᠰᠠᠭᠠᠬᠤ ᠲᠤᠭᠯᠠᠭᠠᠮ
ᠨᠡᠶᠢᠲᠡᠯᠡᠭᠰᠡᠨ ᠴᠠᠭ᠄
2020/1/7
     ᠲᠤᠰ ᠲᠤᠭᠯᠠᠭᠠᠮ ᠨᠢ ᠬᠤᠶᠠᠷ ᠪᠤᠶᠤ ᠭᠤᠷᠪᠠᠨ ᠱᠠᠭ᠎ᠠ ᠠᠳᠬᠤᠵᠤ᠂ ᠲᠡᠭᠡᠭᠰᠢ ᠪᠠᠨ ᠰᠤᠯᠪᠢᠴᠠᠭᠤᠯᠤᠨ ᠬᠠᠶᠠᠭᠠᠳ ᠨᠢᠭᠡ ᠭᠠᠷ ᠢᠶᠠᠷ ᠢᠶᠠᠨ ᠲᠤᠰᠤᠨ ᠠᠪᠬᠤ ᠪᠤᠶᠤ ᠬᠤᠶᠠᠷ ᠭᠠᠷ ᠲᠤ ᠪᠠᠨ ᠲᠡᠭᠰᠢ ᠠᠳᠬᠤᠭᠰᠠᠨ ᠱᠠᠭ᠎ᠠ ᠪᠠᠨ ᠲᠤᠰ ᠲᠤᠰ ᠲᠤ ᠨᠢ ᠲᠡᠭᠡᠭᠰᠢ ᠪᠠᠨ ᠰᠤᠯᠪᠢᠴᠠᠭᠤᠯᠤᠨ ᠬᠠᠶᠠᠵᠤ ᠲᠤᠭᠯᠠᠬᠤ ᠶᠢ ᠭᠡᠯᠡᠨ᠎ᠠ᠃ ᠵᠠᠷᠢᠮ ᠳᠤ ᠪᠠᠨ ᠪᠠᠰᠠ ᠬᠤᠶᠠᠷ ᠭᠠᠷ ᠤᠨ ᠱᠠᠭ᠎ᠠ ᠪᠠᠨ ᠬᠠᠷᠢᠯᠴᠠᠨ ᠰᠤᠯᠪᠢᠴᠠᠭᠤᠯᠤᠨ ᠲᠤᠰᠤᠨ ᠠᠪᠴᠤ ᠲᠤᠭᠯᠠᠵᠤ ᠴᠤ ᠨᠠᠭᠠᠳᠳᠠᠭ᠃ ᠢᠢᠨ ᠭᠦ ᠲᠤᠭᠯᠠᠵᠤ ᠪᠠᠶᠢᠭ᠎ᠠ ᠪᠠᠶᠢᠳᠠᠯ ᠨᠢ ᠭᠡᠭᠦᠥ ᠰᠠᠭᠠᠵᠤ ᠪᠠᠶᠢᠭ᠎ᠠ ᠲᠠᠢ ᠠᠳᠠᠯᠢᠪᠳᠤᠷ ᠬᠠᠷᠠᠭᠳᠠᠳᠠᠭ ᠠᠴᠠ ᠢᠡᠭᠭᠢᠵᠥ ᠨᠠᠷᠠᠯᠡᠭᠰᠡᠨ ᠶᠤᠮ᠃     ᠡᠨᠡ ᠲᠤᠭᠯᠠᠭᠠᠮ ᠢ ᠬᠤᠶᠠᠷ ᠠᠴᠠ ᠲᠡᠭᠡᠭᠰᠢ ᠭᠥᠮᠥᠨ ᠲᠤᠭᠯᠠᠳᠠᠭ᠃ ᠲᠡᠭᠡᠭᠦ ᠳᠤ ᠪᠠᠨ ᠱᠠᠭ᠎ᠠ ᠪᠠᠨ ᠭᠥᠮᠥᠨ ᠪᠥᠷᠢ ᠲᠡᠭᠰᠢ ᠬᠤᠪᠢᠶᠠᠵᠤ ᠠᠪᠤᠭᠠᠳ ᠨᠠᠭᠠᠳᠳᠠᠭ᠃ ᠭᠡᠨ ᠨᠢ ᠠᠯᠳᠠᠬᠤ ᠥᠭᠡᠢ ᠪᠠᠷ ᠤᠳᠠᠭᠠᠨ ᠪᠥᠭᠡᠳ ᠤᠯᠠᠨ ᠬᠠᠶᠠᠵᠤ ᠬᠠᠮᠤᠭ ᠲᠥᠷᠥᠭᠦᠨ ᠳᠤ ᠲᠤᠭᠳᠠᠭᠰᠠᠨ ᠪᠠᠷᠢᠮᠵᠢᠶᠠᠨ ᠳᠤ ᠪᠠᠨ ᠭᠥᠷᠭᠡᠪᠠᠯ ᠪᠤᠰᠤᠳ ᠨᠢ ᠨᠢᠭᠡ ᠨᠢᠭᠡ ᠱᠠᠭ᠎ᠠ ᠪᠠᠷ ᠱᠠᠩ ᠥᠭᠭᠦᠨ᠎ᠠ᠃ ᠭᠡᠳᠥᠢ ᠱᠠᠭ᠎ᠠ ᠪᠠᠷ ᠪᠠᠷᠢᠮᠵᠢᠶ᠎ᠠ ᠪᠤᠯᠭᠠᠬᠤ ᠨᠢ ᠠᠳᠠᠯᠢ ᠥᠭᠡᠢ᠂ ᠨᠠᠭᠠᠳᠤᠮ ᠤᠨ ᠡᠭᠢᠨ ᠳᠤ ᠶᠠᠷᠢᠯᠴᠠᠨ ᠲᠤᠭᠳᠠᠳᠠᠭ᠃ ᠱᠠᠭ᠎ᠠ ᠪᠠᠨ ᠥᠭᠴᠤ ᠪᠠᠷᠠᠪᠠᠯ ᠲᠤᠭᠯᠠᠬᠤ ᠡᠷᠭᠡ ᠪᠠᠨ ᠬᠠᠰᠤᠭᠳᠠᠳᠠᠭ᠃ ᠢᠡᠭᠭᠢᠵᠥ ᠨᠢᠭᠡ ᠨᠢᠭᠡ ᠪᠠᠷ ᠬᠠᠰᠤᠭᠳᠠᠭᠰᠠᠭᠠᠷ ᠪᠠᠶᠢᠭᠠᠳ ᠬᠠᠮᠤᠭ ᠰᠡᠭᠦᠯ ᠳᠤ ᠪᠥᠭᠦ ᠱᠠᠭ᠎ᠠ ᠨᠢᠭᠡ ᠯᠠ ᠭᠥᠮᠥᠨ ᠤ ᠭᠠᠷ ᠲᠤ ᠴᠤᠭᠯᠠᠷᠠᠵᠤ ᠢᠯᠠᠵᠤ ᠢᠯᠠᠭᠳᠠᠭᠰᠠᠨ ᠨᠢ ᠢᠯᠭᠠᠷᠠᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号