ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠳᠡ᠄ ᠰᠢᠨ᠎ᠡ ᠲᠢᠲᠢᠮᠯᠢᠭ  ᠸᠢᠷᠦ᠋ᠰ ᠤᠨ ᠸᠠᠺᠼᠢᠨ ᠤ ᠰᠤᠳᠤᠯᠤᠨ ᠨᠡᠭᠡᠭᠡᠯᠲᠡ ᠶᠠᠭᠠᠬᠢᠭᠠᠳ  ᠡᠶᠢᠮᠦ ︽ᠤᠳᠠᠭᠠᠨ︾ ᠪᠠᠶᠢᠳᠠᠭ ᠪᠣᠶ︖
ᠨᠡᠶᠢᠲᠡᠯᠡᠭᠰᠡᠨ ᠴᠠᠭ᠄
2020/3/23
     ᠰᠢᠨᠬᠤᠸᠠ ᠬᠤᠷᠢᠶᠠᠨ ᠤ ᠪᠡᠭᠡᠵᠢᠩ ᠤᠨ 3 ᠰᠠᠷ᠎ᠠ ᠶᠢᠨ 5 ᠤ ᠡᠳᠦᠷ ᠤᠨ ᠮᠡᠳᠡᠭᠡ ︵ᠰᠤᠷᠪᠤᠯᠵᠢᠯᠠᠭᠴᠢ ᠫᠧᠩ ᠴᠢᠶᠠᠨ︶ ᠬᠢᠵᠢᠭ ᠪᠥᠬᠦ ᠪᠥᠮᠪᠥᠷᠴᠡᠭ ᠲᠤ ᠦᠷᠬᠦᠯᠵᠢᠯᠡᠨ ᠲᠠᠷᠬᠠᠨ ᠳᠡᠯᠭᠡᠷᠡᠬᠦ ᠶᠢ ᠳᠠᠭᠠᠯᠳᠤᠨ᠂ ᠬᠥᠮᠦᠰ ᠦᠷ᠎ᠡ  ᠪᠦᠳᠦᠮᠵᠢᠳᠡᠢ  ᠸᠠᠺᠼᠢᠨ ᠭᠠᠷᠴᠤ ᠢᠷᠡᠬᠦ ᠶᠢ ᠨᠠᠩ ᠢᠯᠡᠭᠦᠤ ᠬᠦᠰᠡᠨ ᠬᠦᠯᠢᠶᠡᠵᠦ ᠪᠤᠢ᠂ ᠬᠡᠪᠡᠴᠦ ᠬᠡᠷᠡᠭᠴᠡᠭᠡ ᠨᠢ  ᠬᠡᠳᠦᠶ  ᠲᠤᠯᠭᠠᠮ᠎ᠠ  ᠪᠠᠶᠢᠭᠰᠠᠨ  ᠴᠤ᠂ ᠠᠮᠤᠷ ᠲᠦᠪᠰᠢᠨ ᠤ ᠡᠭᠦᠳᠡᠨ ᠠᠴᠠ ᠪᠣᠳᠣᠯᠬᠢᠯᠠᠪᠠᠯ᠂  ᠰᠢᠨ᠎ᠡ  ᠲᠢᠲᠢᠮᠯᠯᠢᠭ  ᠸᠢᠷᠦ᠋ᠰ ᠤᠨ  ᠸᠠᠺᠼᠢᠨ ᠢ  ᠰᠤᠳᠤᠯᠤᠨ  ᠨᠡᠭᠡᠭᠡᠬᠦ ᠠᠵᠢᠯ ᠢ ᠬᠠᠰᠢ  ᠯᠠ  ︽ᠠᠯᠭᠤᠷ  ᠠᠭᠠᠵᠢᠮ ᠢᠶᠠᠷ  ᠬᠢᠬᠦ  ᠬᠡᠷᠡᠭ ᠲᠠᠢ︾  ᠪᠦᠭᠡᠳ  ᠸᠠᠺᠼᠢᠨ ᠤ  ᠵᠢᠷᠤᠭ  ᠲᠥᠯᠥᠪᠯᠡᠭᠡ  ᠪᠠ ᠦᠢᠯᠡᠳᠪᠦᠷᠢᠯᠡᠯ ᠤᠨ ᠰᠢᠨᠵᠢᠯᠡᠬᠦ ᠤᠬᠠᠭᠠᠨᠴᠢ ᠶᠠᠪᠤᠴᠠ ᠶᠢ ᠠᠯᠭᠠᠰᠠᠨ ᠭᠠᠷᠴᠤ ᠪᠣᠯᠬᠤ ᠥᠬᠡᠶ ᠶᠤᠮ᠃                      ᠸᠠᠺᠼᠢᠨ ᠰᠤᠳᠤᠯᠤᠨ ᠨᠡᠭᠡᠭᠡᠬᠦ ᠳᠤ ︽ᠬᠠᠷᠠᠯᠲᠠ ᠲᠠᠢ ᠪᠠᠷ ᠰᠤᠮᠤ ᠬᠠᠷᠪᠤᠬᠤ︾ ᠬᠡᠷᠡᠭᠲᠡᠶ             ᠸᠠᠺᠼᠢᠨ ᠰᠤᠳᠤᠯᠤᠨ ᠨᠡᠭᠡᠭᠡᠬᠦ ᠠᠵᠢᠯ ᠪᠣᠯ ᠨᠢᠭᠡ  ᠵᠦᠢᠯ   ᠤᠨ  ᠣᠷᠳᠣ  ᠬᠤᠭᠤᠴᠠᠭ᠎ᠠ  ᠬᠡᠷᠡᠭᠰᠡᠬᠦ᠂  ᠲᠦᠭᠰᠢᠭᠦᠷᠢ ᠶᠡᠬᠡᠲᠡᠶ᠂ ᠪᠠᠯᠠ ᠣᠷᠣᠭᠤᠯᠤᠯᠲᠠ ᠶᠡᠬᠡᠲᠡᠶ ᠠᠵᠢᠯ ᠪᠤᠯᠬᠤ ᠪᠦᠭᠡᠳ ᠡᠮᠦᠨᠡᠬᠢ ᠬᠤᠭᠤᠴᠠᠭᠠᠨ ᠤ ᠵᠢᠷᠤᠭ ᠲᠥᠯᠥᠪᠯᠡᠭᠡ᠂ ᠠᠮᠢᠲᠠᠨ ᠤ ᠲᠤᠷᠰᠢᠯᠲᠠ ᠪᠠ ᠶᠡᠷᠦᠩᠭᠡᠢ  ᠲᠦᠯᠦᠪᠯᠡᠭᠡ  ᠬᠢᠬᠦ  ᠭᠤᠷᠪᠠᠨ  ᠬᠤᠭᠤᠴᠠᠭᠠᠨ ᠤ  ᠡᠮᠴᠢᠯᠡᠭᠡᠨ ᠤ  ᠲᠤᠷᠰᠢᠯᠲᠠ ᠶᠢ  ᠥᠩᠭᠡᠷᠡᠭᠡᠬᠦ ᠴᠢᠬᠤᠯᠠᠲᠠᠶ ᠪᠠᠶᠢᠳᠠᠭ᠃ ᠸᠢᠷᠦ᠋ᠰ ᠤᠨ ᠲᠥᠷᠥᠯ ᠵᠦᠢᠯ  ᠪᠠ  ᠬᠡᠷᠡᠭᠯᠡᠬᠦ  ᠮᠡᠷᠭᠡᠵᠢᠯ ᠤᠨ  ᠠᠷᠭ᠎ᠠ  ᠵᠠᠮ ᠤᠨ  ᠠᠳᠠᠯᠢ  ᠪᠤᠰᠤ ᠶᠢ ᠦᠨᠳᠦᠰᠦᠯᠡᠨ᠂ ᠡᠩ ᠤᠨ ᠪᠠᠶᠢᠳᠠᠯ ᠳᠤ ᠣᠬᠤᠷ ᠲᠠᠭᠠᠨ ᠭᠤᠷᠪᠠ ᠲᠠᠪᠤᠨ ᠵᠢᠯ ᠬᠡᠷᠡᠭᠰᠡᠵᠦ᠂ ᠣᠷᠳᠣ ᠳᠠᠭᠠᠨ ᠠᠷᠪᠠᠨ ᠬᠡᠳᠦᠨ ᠵᠢᠯ ᠬᠡᠷᠡᠭᠰᠡᠮᠡᠨᠵᠢᠨ ᠰᠠᠶ᠋ᠢ ᠵᠠᠬ᠎ᠠ ᠳᠡᠯᠭᠡᠭᠦᠷ ᠲᠤ ᠭᠠᠷᠭᠠᠳᠠᠭ᠃ ᠳᠡᠯᠡᠬᠡᠶ ᠶᠢᠨ ᠡᠷᠡᠭᠦᠯ ᠬᠠᠮᠠᠭᠠᠯᠠᠯ ᠤᠨ  ᠵᠣᠬᠢᠶᠠᠨ  ᠪᠠᠶᠢᠭᠤᠯᠤᠯᠲᠠ ᠶᠢᠨ ᠶᠡᠷᠦᠩᠬᠡᠶ ᠠᠵᠢᠯᠯᠠᠭᠴᠢ ᠲᠧᠳ᠋ᠷᠤᠰ 2 ᠰᠠᠷ᠎ᠠ ᠳᠤ ᠬᠡᠯᠡᠬᠦ ᠳᠡᠭᠡᠨ᠂ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠢ 18  ᠰᠠᠷ᠎ᠠ ᠶᠢᠨ ᠳᠣᠲᠣᠷ᠎ᠠ ︽ᠬᠢᠵᠦ ᠭᠠᠷᠭᠠᠬᠤ ᠪᠣᠯᠤᠮᠵᠢ ᠲᠠᠢ︾᠃ ᠡᠨᠡ ᠨᠢ ᠨᠡᠯᠢᠶᠡᠳ ᠲᠦᠷᠭᠡᠨ ᠬᠤᠷᠳᠤᠴᠠ ᠳᠤ ᠤᠷᠤᠨ᠎ᠡ ᠬᠡᠵᠡᠢ᠃             ᠸᠠᠺᠼᠢᠨ ᠰᠤᠳᠤᠯᠤᠨ ᠨᠡᠭᠡᠭᠡᠬᠦ ᠳᠤ ᠡᠩ  ᠲᠡᠷᠢᠭᠦᠨ ᠳᠤ  ᠸᠢᠷᠦ᠋ᠰ ᠤᠨ  ᠲᠣᠰ  ᠪᠡᠶ᠎ᠡ ᠶᠢ  ᠬᠦᠢᠴᠡᠳ  ᠣᠶᠢᠯᠠᠭᠠᠬᠤ ᠬᠡᠷᠡᠭᠳᠡᠢ᠂ ᠢᠡᠭᠭᠢᠪᠡᠯ ᠰᠠᠶ᠋ᠢ ︽ᠬᠠᠷᠠᠯᠲᠠ ᠲᠠᠢ ᠪᠠᠷ ᠰᠤᠮᠤ ᠬᠠᠷᠪᠤᠬᠤ︾ ᠴᠢᠳᠠᠨ᠎ᠠ᠃ ᠣᠳᠣᠬᠠᠨ ᠳᠤ ᠪᠢᠳᠡ ᠬᠡᠳᠦ᠋ᠢᠪᠡᠷ  ᠰᠢᠨ᠎ᠡ ᠲᠢᠲᠢᠮᠯᠢᠭ ᠸᠢᠷᠦ᠋ᠰ ᠤᠨ ᠲᠤᠬᠠᠶ ᠮᠦᠨᠬᠦ ᠪᠥᠬᠦ ᠲᠠᠯ᠎ᠠ ᠶᠢᠨ ᠲᠠᠨᠢᠯᠲᠠ ᠪᠠᠷ ᠳᠤᠲᠠᠮᠠᠭ ᠪᠠᠶᠢᠭ᠎ᠠ ᠪᠣᠯᠪᠠᠴᠤ ᠰᠢᠨᠵᠢᠯᠡᠬᠦ  ᠤᠬᠠᠭᠠᠨᠲᠠᠨ ᠨᠠᠷ ᠪᠦᠷᠢᠮᠦᠰᠦᠨ  ︽ᠲᠡᠭ ᠠᠴᠠ  ᠡᠬᠢᠯᠡᠨ︾  ᠰᠤᠳᠤᠯᠵᠤ  ᠪᠠᠶᠢᠭ᠎ᠠ  ᠪᠢᠰᠢ᠂  ᠪᠤᠰᠤᠳ  ᠲᠢᠲᠢᠮᠯᠢᠭ  ᠸᠢᠷᠦ᠋ᠰ ᠤᠨ  ᠲᠤᠬᠠᠶ ᠰᠤᠳᠤᠯᠭᠠᠨ ᠤ ᠲᠤᠷᠰᠢᠯᠭ᠎ᠠ ᠪᠣᠯ ᠰᠠᠭᠤᠷᠢ ᠨᠢ ᠪᠤᠯᠵᠤ ᠪᠠᠶᠢᠭ᠎ᠠ ᠶᠤᠮ᠃              ᠰᠤᠳᠤᠯᠭᠠᠨ ᠳᠤ ᠢᠯᠡᠷᠡᠭᠦᠯᠦᠭᠰᠡᠨ ᠢᠶᠠᠷ᠂  ᠰᠢᠨ᠎ᠡ  ᠲᠢᠲᠢᠮᠯᠢᠭ  ᠸᠢᠷᠦ᠋ᠰ ᠨᠢ  ᠭᠤᠤᠯᠳᠠᠭᠤ  ᠸᠢᠷᠦ᠋ᠰ ᠤᠨ  ᠥᠩᠭᠡᠨ ᠲᠠᠯ᠎ᠠ ᠶᠢᠨ ᠥᠷᠭᠡᠰᠦᠲᠦ ᠲᠣᠪᠣᠭᠤᠷ ᠤᠭᠤᠷᠠᠭ ᠨᠢ ᠬᠥᠮᠦᠨ ᠤ ᠪᠡᠶ᠎ᠡ ᠶᠢᠨ ACE2 ᠬᠦᠯᠢᠶᠡᠨ ᠠᠪᠤᠬᠴᠢ ᠲᠠᠢ ᠤᠶᠠᠯᠳᠤᠭᠠᠳ ᠬᠥᠮᠦᠨ ᠤ ᠪᠡᠶ᠎ᠡ ᠳᠤ ᠬᠠᠯᠳᠠᠪᠤᠷᠢᠯᠠᠳᠠᠬ᠃ ᠥᠷᠭᠡᠰᠦᠲᠦ ᠲᠣᠪᠣᠭᠤᠷ  ᠤᠭᠤᠷᠠᠭ ᠨᠢ  ᠶᠠᠭ  ︽ᠲᠦᠯᠬᠢᠭᠦᠷ︾  ᠰᠢᠭ  ᠪᠠᠶᠢᠵᠤ᠂ ᠡᠰ ᠤᠨ ᠳᠡᠭᠡᠷᠡᠬᠢ ACE2 ᠬᠦᠯᠢᠶᠡᠨ ᠠᠪᠤᠬᠴᠢ ᠨᠢ ᠬᠠᠷᠢᠨ ︽ᠣᠨᠢᠰᠤ︾ ᠰᠢᠭ᠋ ᠪᠠᠶᠢᠳᠠᠭ᠃  ᠲᠦᠯᠬᠢᠭᠦᠷ ᠨᠢ  ᠣᠨᠢᠰᠤ ᠶᠢ ᠨᠡᠭᠡᠭᠡᠬᠦ ᠳᠤ ᠯᠡ ᠬᠦᠷᠪᠡᠯ ᠸᠢᠷᠦ᠋ᠰ ᠰᠠᠶ᠋ᠢ ᠡᠰ ᠲᠤ ᠰᠢᠷᠭᠤᠨ  ᠣᠷᠣᠵᠤ  ᠴᠢᠳᠠᠳᠠᠭ᠃  ᠡᠶᠢᠮᠦ ᠠᠴᠠ  ᠣᠳᠣᠬᠠᠨ ᠳᠤ  ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠢ ᠰᠤᠳᠤᠯᠤᠨ ᠨᠡᠭᠡᠭᠡᠬᠦ ᠶᠢᠨ ᠭᠤᠤᠯ ᠬᠠᠷᠠᠯᠲᠠ ᠪᠣᠯ  ︽ᠲᠦᠯᠬᠢᠭᠦᠷ︾ ᠤᠨ  ︽ᠣᠨᠢᠰᠤ︾ ᠶᠢ ᠨᠡᠭᠡᠭᠡᠬᠦ ᠠᠵᠢᠯᠯᠠᠭ᠎ᠠ ᠶᠢ ᠬᠤᠷᠢᠭᠯᠠᠵᠤ᠂ ᠸᠢᠷᠦ᠋ᠰ ᠤᠨ ᠡᠰ ᠲᠤ ᠬᠠᠯᠳᠠᠪᠤᠷᠢᠯᠠᠬᠤ ᠶᠢ ᠰᠡᠷᠭᠡᠶᠢᠯᠡᠬᠦ ᠶᠠᠪᠤᠳᠠᠯ ᠪᠤᠯᠤᠨ᠎ᠠ᠃             ᠳᠤᠮᠳᠠᠳᠤ  ᠤᠯᠤᠰ ᠤᠨ  ᠬᠠᠩᠭᠠᠭᠰᠠᠨ  ᠸᠢᠷᠦ᠋ᠰ ᠤᠨ   ᠭᠧᠨ ᠤ   ᠪᠦᠯᠦᠭ ᠤᠨ   ᠴᠤᠪᠤᠷᠠᠯ ᠢ   ᠦᠨᠳᠦᠰᠦᠯᠡᠨ᠂ ᠠᠮᠧᠷᠢᠺᠠ ᠶᠢᠨ ᠲᠧᠺᠰᠠᠰ ᠶᠡᠭᠡ ᠰᠤᠷᠭᠠᠭᠤᠯᠢ ᠶᠢᠨ ᠤᠰᠲ᠋ᠢᠨ ᠬᠤᠪᠢᠶᠠᠷᠢ  ᠰᠤᠷᠭᠠᠭᠤᠯᠢ  ᠪᠣᠯᠤᠨ  ᠠᠮᠧᠷᠢᠺᠠ ᠶᠢᠨ  ᠤᠯᠤᠰ ᠤᠨ ᠡᠷᠡᠭᠦᠯ ᠬᠠᠮᠠᠭᠠᠯᠠᠯ ᠤᠨ ᠰᠤᠳᠤᠯᠭᠠᠨ ᠤ ᠬᠦᠷᠢᠶᠡᠯᠡᠩ ᠤᠨ ᠰᠤᠳᠤᠯᠭᠠᠨ ᠤ ᠠᠵᠢᠯᠲᠠᠳ ᠬᠥᠯᠳᠡᠬᠦᠦ ᠡᠯᠧᠺᠲᠷᠣᠨ ᠮᠢᠺᠷᠣᠰᠺᠣᠫ ᠢᠶᠠᠷ ᠰᠢᠨ᠎ᠡ ᠲᠢᠲᠢᠮᠯᠢᠭ ᠸᠢᠷᠦ᠋ᠰ ᠤᠨ ᠭᠠᠳᠠᠷᠭᠤ ᠶᠢᠨ ᠥᠷᠭᠡᠰᠦᠲᠦ ᠲᠣᠪᠣᠭᠤᠷ  ᠤᠭᠤᠷᠠᠭ ᠤᠨ  ᠠᠲ᠋ᠣᠮ ᠤᠨ  ᠬᠡᠮᠵᠢᠭᠦᠷ  ᠳᠡᠭᠡᠷᠡᠬᠢ 3D ᠲᠦᠷᠰᠦᠯᠡᠮᠵᠢ ᠶᠢ ᠳᠠᠬᠢᠨ ᠪᠠᠶᠢᠭᠤᠯᠪᠠ᠃  ᠴᠢᠩᠬᠤᠸᠠ  ᠶᠡᠭᠡ  ᠰᠤᠷᠭᠠᠭᠤᠯᠢ᠂  ᠰᠢ  ᠬᠤ᠋  ᠶᠡᠭᠡ  ᠰᠤᠷᠭᠠᠭᠤᠯᠢ  ᠵᠡᠷᠭᠡ ᠪᠠᠶᠢᠭᠤᠯᠤᠮᠵᠢ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠠᠵᠢᠯᠲᠠᠳ ᠪᠠᠰᠠ  ᠥᠷᠭᠡᠰᠦᠲᠦ  ᠲᠣᠪᠣᠭᠤᠷ  ᠤᠭᠤᠷᠠᠭ  ᠪᠣᠯᠤᠨ ACE2 ᠤᠨ ᠨᠡᠶᠢᠯᠡᠮᠡᠯ ᠪᠣᠳᠠᠰ ᠤᠨ ᠲᠠᠯᠠᠰᠲᠤ  ᠪᠦᠲᠦᠴᠡ ᠶᠢ  ᠵᠠᠳᠠᠯᠤᠨ  ᠭᠠᠷᠭᠠᠵᠠᠶ᠃  ᠡᠲᠡᠭᠡᠷ  ᠰᠤᠳᠤᠯᠭᠠᠨ ᠨᠢ  ᠴᠥᠮ ᠸᠠᠺᠼᠢᠨ ᠤ ᠭᠤᠤᠯ ᠬᠠᠷᠠᠯᠳᠠ ᠶᠢᠨ ᠴᠡᠭ ᠢ  ᠲᠣᠭᠲᠠᠭᠠᠬᠤ ᠳᠤ  ᠰᠠᠭᠤᠷᠢ ᠶᠢ  ᠬᠠᠩᠭᠠᠬᠰᠠᠨ  ᠪᠦᠭᠡᠳ  ︽ᠲᠦᠯᠬᠢᠭᠦᠷ︾    ᠤᠨ ︽ᠣᠨᠢᠰᠤ︾ ᠶᠢ ᠨᠡᠭᠡᠭᠡᠬᠦ ᠶᠢ ᠬᠠᠷᠰᠢᠯᠡᠵᠦ ᠪᠠᠶᠢᠬᠤ ᠲᠣᠭᠲᠠᠴᠠ ᠶᠢ ᠨᠠᠩ ᠣᠨᠣᠪᠴᠢᠲᠠᠶ ᠪᠠᠷ  ᠡᠷᠢᠵᠦ  ᠤᠯᠬᠤ ᠳᠤ  ᠲᠤᠰᠠᠯᠠᠮᠵᠢ ᠦᠵᠡᠬᠦᠯᠬᠦ ᠪᠤᠯᠤᠨ᠎ᠠ᠃                       ᠰᠢᠨ᠎ᠡ ᠮᠡᠷᠭᠡᠵᠢᠯ ᠤᠨ ᠠᠶᠤᠯᠭᠦᠶ ᠴᠢᠨᠠᠷ ᠢ ᠰᠢᠯᠭᠠᠨ ᠪᠠᠶᠢᠴᠠᠭᠠᠬᠤ ᠴᠢᠬᠤᠯᠠᠲᠠᠶ              ᠸᠢᠷᠦ᠋ᠰ ᠤᠨ ᠲᠤᠬᠠᠶ  ᠣᠶᠢᠯᠠᠭᠠᠯᠲᠠ ᠪᠠᠨ  ᠴᠢᠩᠭᠠᠳᠬᠠᠬᠤ  ᠴᠢᠬᠤᠯᠠᠲᠠᠶ ᠠᠴᠠ  ᠭᠠᠳᠠᠨ᠎ᠠ᠂  ᠸᠠᠺᠼᠢᠨ  ᠦᠢᠯᠡᠳᠬᠦ ᠮᠡᠷᠭᠡᠵᠢᠯ ᠢᠶᠠᠨ ᠳᠡᠭᠡᠭᠰᠢᠯᠡᠭᠦᠯᠬᠦ ᠲᠠᠯ᠎ᠠ ᠪᠠᠷ ᠴᠤ ᠮᠠᠰᠢ ᠶᠡᠭᠡ ᠰᠢᠯᠭᠠᠯᠳᠠ ᠳᠤ ᠲᠤᠯᠭᠠᠷᠠᠵᠤ ᠪᠠᠶᠢᠨ᠎ᠠ᠃ ᠪᠢᠳᠡ ᠸᠠᠺᠼᠢᠨ ᠢ  ᠨᠢᠭᠡ ᠵᠦᠢᠯ ᠤᠨ ᠠᠮᠢᠳᠤ ᠪᠣᠳᠠᠰ ᠢ ᠤᠰᠠᠳᠬᠠᠬᠤ᠂ ᠬᠤᠤᠷ᠎ᠠ ᠪᠠᠭᠤᠷᠠᠭᠤᠯᠬᠤ  ᠵᠡᠷᠭᠡ  ᠠᠷᠭ᠎ᠠ  ᠪᠠᠷᠢᠯ    ᠢᠶᠠᠷ  ︽ᠥᠭᠡᠷᠡᠴᠢᠯᠡᠭᠰᠡᠨ︾ ᠸᠢᠷᠦ᠋ᠰ ᠪᠤᠶᠤ ᠸᠢᠷᠦ᠋ᠰ ᠤᠨ ᠲᠣᠨᠣᠭᠯᠠᠯ ᠬᠡᠵᠦ ᠦᠵᠡᠵᠦ ᠪᠣᠯᠤᠨ᠎ᠠ᠃ ᠲᠡᠷᠡ ᠨᠢ  ᠬᠥᠮᠦᠨ ᠤ  ᠪᠡᠶ᠎ᠡ ᠳᠤ  ᠰᠡᠳᠡᠯᠲᠡ  ᠥᠭᠬᠦᠨ ᠡᠭᠡᠯᠢᠯᠡᠭᠡ ᠶᠢᠨ  ᠤᠷᠪᠠᠯ  ᠡᠭᠦᠰᠭᠡᠬᠦ ᠶᠢᠨ  ᠤᠯᠠᠮ ᠢᠶᠠᠷ  ᠸᠢᠷᠦ᠋ᠰ ᠲᠤ  ᠴᠢᠭᠯᠡᠭᠦᠯᠦᠭᠰᠡᠨ  ᠬᠠᠮᠠᠭᠠᠯᠠᠭᠴᠢ   ᠠᠨᠲ᠋ᠢᠪᠤᠳᠢ   ᠪᠠ ᠡᠭᠡᠯᠢᠯᠡᠭᠡ ᠶᠢᠨ ᠴᠡᠭᠡᠵᠢᠯᠡᠬᠦᠶ ᠵᠡᠷᠭᠡ ᠶᠢ ᠪᠤᠢ  ᠪᠤᠯᠭᠠᠳᠠᠬ᠂  ᠬᠡᠬᠦ ᠳᠡᠭᠡᠨ  ᠬᠥᠮᠦᠨ ᠳᠤ  ᠸᠢᠷᠦ᠋ᠰ  ᠬᠠᠯᠳᠠᠪᠤᠷᠢᠯᠠᠭᠤᠯᠬᠤ  ᠥᠬᠡᠶ ᠶᠤᠮ᠃ ᠬᠥᠮᠦᠨ ᠤ ᠪᠡᠶ᠎ᠡ ᠰᠡᠳᠡᠯᠲᠡ ᠣᠯᠤᠭᠰᠠᠨ ᠤ ᠳᠠᠷᠠᠭ᠎ᠠ ᠳᠠᠬᠢᠨᠲᠠ ᠠᠮᠢᠳᠤ ᠸᠢᠷᠦ᠋ᠰ ᠲᠤ ᠤᠴᠠᠷᠠᠬᠤ ᠳᠤ᠂ ᠠᠯᠢ  ᠬᠡᠳᠦ᠋ᠢᠨ ︽ᠰᠣᠷᠢᠯᠲᠠ︾ ᠶᠢ ᠥᠩᠭᠡᠷᠡᠭᠡᠭᠰᠡᠨ ᠡᠭᠡᠯᠢᠯᠡᠭᠡ ᠶᠢᠨ ᠰᠢᠰᠲ᠋ᠧᠮ ᠳᠠᠷᠤᠶ ᠲᠦᠷᠭᠡᠨ ᠲᠤᠰᠬᠠᠯ ᠭᠠᠷᠭᠠᠵᠤ᠂ ᠸᠢᠷᠦ᠋ᠰ ᠢ ᠪᠦᠷᠢᠮᠦᠰᠦᠨ ᠤᠰᠠᠳᠬᠠᠳᠠᠭ᠃             ᠸᠠᠺᠼᠢᠨ ᠦᠢᠯᠡᠳᠬᠦ ᠮᠡᠷᠭᠡᠵᠢᠯ ᠨᠢ ᠣᠯᠠᠨ ᠦᠶ᠎ᠡ ᠶᠢᠨ ︽ᠬᠤᠪᠢᠰᠤᠯ︾ ᠢ ᠥᠩᠭᠡᠷᠡᠭᠦᠯᠦᠭᠰᠡᠨ ᠶᠤᠮ᠃  ᠦᠷᠭᠦᠯᠵᠢ ᠬᠡᠷᠡᠭᠯᠡᠳᠡᠭ ᠸᠠᠺᠼᠢᠨ ᠪᠣᠯ ᠨᠢᠭᠡᠳᠦᠭᠡᠷ ᠦᠶ᠎ᠡ ᠶᠢᠨ ᠬᠤᠤᠷ᠎ᠠ ᠪᠠᠭᠤᠷᠠᠭᠤᠯᠬᠤ ᠠᠮᠢᠳᠤ ᠸᠠᠺᠼᠢᠨ ᠪᠠ ᠢᠳᠡᠪᠬᠢ ᠦᠭᠡᠢ  ᠸᠠᠺᠼᠢᠨ ᠪᠣᠯᠤᠨ᠎ᠠ᠃ ᠡᠨᠡᠬᠦ ᠸᠠᠺᠼᠢᠨ ᠢ ᠬᠢᠬᠦ ᠳᠤ ᠳᠥᠭᠦᠮ᠂ ᠦᠯᠦ ᠬᠠᠯᠳᠠᠭᠠᠬᠤ  ᠦᠷ᠎ᠡ  ᠳ᠋ᠦᠩ ᠢᠶᠠᠷ  ᠰᠠᠶᠢᠨ  ᠪᠠᠶᠢᠳᠠᠭ᠂  ᠭᠡᠪᠡᠴᠦ ᠪᠦᠷᠢᠯᠳᠦᠬᠦᠨ ᠨᠢ ᠪᠤᠳᠤᠯᠢᠶᠠᠨᠲᠠᠶ᠂ ᠲᠠᠷᠢᠯᠭ᠎ᠠ ᠬᠢᠭᠰᠡᠨ ᠤ ᠳᠠᠷᠠᠭ᠎ᠠ  ᠬᠤᠤᠷ᠎ᠠ ᠨᠢ  ᠰᠡᠷᠭᠦᠭᠡᠬᠦ  ᠠᠶᠤᠯ ᠲᠠᠢ  ᠪᠠᠶᠢᠳᠠᠭ  ᠶᠤᠮ︔ ᠬᠤᠶᠠᠳᠤᠭᠠᠷ ᠦᠶ᠎ᠡ ᠶᠢᠨ ᠸᠠᠺᠼᠢᠨ ᠳᠤ ᠣᠯᠠᠨ ᠰᠢᠬᠢᠷ ᠤᠨ ᠸᠠᠺᠼᠢᠨ᠂  ᠳᠡᠳ᠋  ᠨᠢᠭᠡᠴᠢ ᠸᠠᠺᠼᠢᠨ  ᠪᠠ  ᠣᠯᠠᠨ  ᠫᠧᠫᠲ᠋ᠢᠳ᠋ ᠸᠠᠺᠼᠢᠨ ᠪᠤᠢ᠂ ᠡᠳᠡᠭᠡᠷ ᠸᠠᠺᠼᠢᠨ ᠤ ᠪᠦᠷᠢᠯᠳᠦᠬᠦᠨ ᠨᠢ ᠲᠠᠩ ᠴᠤᠯᠭᠤᠶ᠂ ᠠᠶᠤᠯᠭᠦᠶ ᠴᠢᠨᠠᠷ ᠢᠶᠠᠷ ᠥᠨᠳᠥᠷ ᠪᠠᠶᠢᠳᠠᠭ᠂  ᠭᠡᠪᠡᠴᠦ ᠥᠯᠥ ᠬᠠᠯᠳᠠᠭᠠᠬᠤ ᠦᠷ᠎ᠡ ᠳ᠋ᠦᠩ ᠢᠶᠠᠷ ᠬᠠᠷᠢᠴᠠᠩᠭᠤᠶ ᠨᠡᠯᠢᠶᠡᠳ  ᠳᠣᠤᠷ᠎ᠠ  ᠪᠠᠶᠢᠳᠠᠭ  ᠶᠤᠮ︔  ᠭᠤᠷᠪᠠᠳᠤᠭᠠᠷ  ᠦᠶ᠎ᠡ ᠶᠢᠨ ᠸᠠᠺᠼᠢᠨ ᠳᠤ ᠬᠦᠴᠢᠯᠲᠥ᠋ᠷᠥᠭᠴᠢ ᠦᠭᠡᠶᠢᠳᠡᠭᠦᠯᠦᠭᠰᠡᠨ ᠪᠥᠭᠡᠮ  ᠰᠢᠬᠢᠷ ᠤᠨ  ᠪᠥᠭᠡᠮ  ᠬᠦᠴᠢᠯ  ︵DNA︶  ᠸᠠᠺᠼᠢᠨ  ᠪᠠ ᠲᠤᠬᠢᠶᠠᠯᠠᠬᠴᠢ ᠪᠥᠭᠡᠮ ᠰᠢᠬᠢᠷ ᠤᠨ  ᠪᠥᠭᠡᠮ  ᠬᠦᠴᠢᠯ  ︵mRNA︶ ᠤᠨ  ᠸᠠᠺᠼᠢᠨ ᠢᠶᠠᠷ  ᠲᠥᠯᠥᠭᠡᠯᠡᠭᠦᠯᠦᠭᠰᠡᠨ  ᠭᠧᠨ ᠤ ᠸᠠᠺᠼᠢᠨ ᠪᠠ ᠭᠧᠨ ᠤ ᠢᠨᠵᠧᠨᠧᠷᠢᠩ ᠤᠨ ᠠᠴᠢᠶᠠᠯᠠᠭᠴᠢ ᠸᠠᠺᠼᠢᠨ ᠪᠤᠢ᠃             ᠲᠧᠳ᠋ᠷᠤᠰ ᠲᠦᠷᠦᠭᠦᠬᠡᠨ ᠬᠡᠯᠡᠬᠦ ᠳᠡᠭᠡᠨ᠂  ᠣᠳᠣᠬᠠᠨ ᠳᠤ  ᠪᠥᠬᠦ  ᠳᠡᠯᠡᠬᠡᠶ ᠳᠤ  20  ᠭᠠᠷᠤᠶ  ᠵᠦᠢᠯ ᠤᠨ  ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠢ ᠶᠠᠭ ᠰᠤᠳᠤᠯᠤᠨ ᠨᠡᠭᠡᠭᠡᠵᠦ ᠪᠠᠶᠢᠨ᠎ᠠ᠃ ᠬᠤᠤᠷ᠎ᠠ ᠪᠠᠭᠤᠷᠠᠭᠤᠯᠬᠤ ᠠᠮᠢᠳᠤ ᠸᠠᠺᠼᠢᠨ᠂ ᠳᠡᠳ᠋ ᠨᠢᠭᠡᠴᠢ ᠸᠠᠺᠼᠢᠨ ᠪᠠ ᠭᠧᠨ ᠤ ᠸᠠᠺᠼᠢᠨ ᠪᠣᠯ  ᠣᠳᠣᠬᠠᠨ ᠳᠤ  ᠡᠯ᠎ᠡ  ᠪᠠᠶᠢᠭᠤᠯᠤᠮᠵᠢ ᠶᠢᠨ  ᠰᠢᠨ᠎ᠡ  ᠲᠢᠲᠢᠮᠯᠢᠭ  ᠸᠢᠷᠦ᠋ᠰ ᠤᠨ ᠸᠠᠺᠼᠢᠨ ᠢ ᠰᠤᠳᠤᠯᠤᠨ ᠨᠡᠭᠡᠭᠡᠬᠦ ᠳᠤ ᠨᠡᠯᠢᠶᠡᠳ ᠣᠯᠠᠨ ᠬᠡᠷᠡᠭᠯᠡᠵᠦ ᠪᠠᠶᠢᠭ᠎ᠠ ᠮᠡᠷᠭᠡᠵᠢᠯ ᠤᠨ ᠠᠷᠭ᠎ᠠ ᠵᠠᠮ ᠪᠣᠯᠤᠨ᠎ᠠ ᠬᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号