ᠰᠡᠭᠦᠯᠴᠢ ᠶᠢᠨ ᠬᠤᠭᠤᠴᠠᠭᠠᠨ ᠤ ᠬᠤᠳᠣᠭᠤᠳᠣᠨ ᠥᠮᠡᠨ ᠢ ᠵᠠᠰᠠᠬᠤ ᠡᠮ ᠢ  ᠬᠡᠷᠡᠭᠯᠡᠬᠦ ᠶᠢ ᠵᠥᠪᠰᠢᠶᠡᠷᠡᠭᠰᠡᠨ ᠠᠴᠠ ᠬᠤᠳᠣᠭᠤᠳᠣᠨ ᠥᠮᠡᠨ ᠡᠪᠡᠳᠴᠢᠲᠡᠨ ᠤ  ᠣᠷᠣᠰᠢᠨ ᠠᠮᠢᠳᠤᠷᠠᠬᠤ ᠬᠤᠭᠤᠴᠠᠭ᠎ᠠ ᠬᠤᠶᠠᠷ ᠵᠢᠯ ᠤᠷᠲᠤᠳᠬᠠᠬᠳᠠᠬᠤ  ᠪᠤᠯᠤᠮᠵᠢ ᠲᠠᠢ ᠪᠤᠯᠪᠠ
ᠨᠡᠶᠢᠲᠡᠯᠡᠭᠰᠡᠨ ᠴᠠᠭ᠄
2020/3/24
      ᠠᠷᠠᠳ ᠤᠨ ᠡᠳᠦᠷ ᠤᠨ ᠰᠣᠨᠢᠨ ᠤ  ᠮᠡᠳᠡᠭᠡ  ︵ᠰᠤᠷᠪᠤᠯᠵᠢᠯᠠᠭᠴᠢ  ᠵᠣᠣ  ᠫᠧᠩ︶  ᠰᠤᠷᠪᠤᠯᠵᠢᠯᠠᠭᠴᠢ  ᠥᠴᠥᠭᠡᠳᠦᠷ ᠤᠶᠢᠯᠠᠭᠠᠬᠰᠠᠨ ᠢᠶᠠᠷ᠂ ᠤᠯᠤᠰ ᠤᠨ ᠡᠮ ᠲᠠᠩ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠥᠩᠭᠡᠷᠡᠭᠰᠡᠨ ᠳᠤ ᠬᠤᠶᠠᠷ  ᠪᠤᠶᠤ ᠬᠤᠶᠠᠷ ᠠᠴᠠ ᠳᠡᠭᠡᠭᠰᠢ ᠪᠥᠬᠦ ᠪᠡᠶ᠎ᠡ ᠶᠢᠨ ᠴᠢᠨᠠᠷᠲᠠᠶ  ᠡᠪᠡᠳᠴᠢᠨ ᠢ  ᠡᠮᠨᠡᠨ  ᠵᠠᠰᠠᠬᠤ ᠳᠤ  ᠬᠡᠷᠡᠭᠯᠡᠵᠦ  ᠪᠠᠶᠢᠬᠰᠠᠨ  ᠡᠸᠦᠳᠢᠸᠧ ︵ᠨᠠᠦ᠋ᠯᠢᠶᠧᠦ  ᠳᠠᠩ  ᠡᠰᠡᠷᠭᠦᠴᠡᠭᠴᠢ  ᠲᠠᠷᠢᠯᠭ᠎ᠠ ᠶᠢᠨ  ᠰᠢᠩᠭᠡᠨ︶᠎ ᠶᠢ  ᠰᠡᠭᠦᠯᠴᠢ ᠶᠢᠨ  ᠬᠤᠭᠤᠴᠠᠭᠠᠨ ᠤ  ᠪᠤᠶᠤ   ᠳᠠᠬᠢᠬᠰᠠᠨ ᠬᠤᠳᠣᠭᠤᠳᠣ ᠦᠮᠡᠨ ᠪᠤᠶᠤ ᠬᠤᠳᠣᠭᠤᠳᠣ ᠤᠯᠠᠭᠠᠨ ᠬᠤᠭᠤᠯᠠᠶ ᠶᠢᠨ ᠵᠠᠯᠭᠠᠯᠲᠠ ᠶᠢᠨ  ᠬᠡᠰᠡᠭ ᠤᠨ  ᠪᠤᠯᠴᠢᠷᠬᠠᠶ ᠶᠢᠨ  ᠥᠮᠡᠨ ᠢ ᠵᠠᠰᠠᠬᠤ ᠳᠤ  ᠬᠡᠷᠡᠭᠯᠡᠬᠦ ᠶᠢ  ᠵᠢᠩᠭᠢᠨᠢ ᠪᠠᠷ  ᠵᠦᠪᠰᠢᠶᠡᠷᠡᠪᠡ᠃   ᠤᠯᠤᠰ ᠤᠨ   ᠳᠣᠲᠣᠭᠠᠳᠤ ᠶᠢᠨ   ᠬᠤᠳᠣᠭᠤᠳᠣᠨ   ᠥᠮᠡᠨ ᠡᠪᠡᠳᠴᠢᠲᠡᠨ ᠤ ᠣᠷᠣᠰᠢᠨ ᠠᠮᠢᠳᠤᠷᠠᠬᠤ ᠬᠤᠭᠤᠴᠠᠭ᠎ᠠ ᠬᠤᠶᠠᠷ ᠵᠢᠯ ᠠᠴᠠ ᠳᠡᠭᠡᠭᠰᠢ ᠤᠷᠲᠤᠳᠬᠠᠬᠳᠠᠬᠤ ᠪᠣᠯᠤᠮᠵᠢ ᠲᠠᠢ ᠪᠤᠯᠪᠠ᠃             ᠪᠡᠭᠡᠵᠢᠩ ᠶᠡᠭᠡ ᠰᠤᠷᠭᠠᠭᠤᠯᠢ ᠶᠢᠨ ᠬᠠᠪᠤᠳᠠᠷ ᠤᠨ ᠡᠮᠨᠡᠯᠭᠡ ᠶᠢᠨ ᠬᠤᠷᠢᠶᠠᠨ ᠤ  ᠳᠡᠳ᠋  ᠳᠠᠷᠤᠭ᠎ᠠ᠂  ᠰᠢᠩᠭᠡᠭᠡᠯᠲᠡ ᠶᠢᠨ ᠬᠠᠪᠤᠳᠠᠷ ᠤᠨ ᠳᠣᠲᠣᠷ  ᠰᠠᠯᠠᠭᠠᠨ ᠤ  ᠡᠷᠬᠢᠯᠡᠭᠴᠢ  ᠱᠧᠨ  ᠯᠢᠨ  ᠫᠷᠤᠹᠧᠰᠰᠤᠷ  ᠡᠭᠦᠨ ᠤ  ᠲᠤᠬᠠᠶ  ᠬᠡᠯᠡᠬᠦ ᠳᠡᠭᠡᠨ᠄  ︽ᠡᠨᠡ ᠤᠳᠠᠭᠠᠨ ᠤ  ᠰᠤᠳᠤᠯᠭᠠᠨ ᠤ  ᠦᠷ᠎ᠡ  ᠳ᠋ᠦᠩ ᠠᠴᠠ  ᠦᠵᠡᠪᠡᠯ᠂  ᠡᠸᠦᠳᠢᠸᠧ  ᠡᠮ ᠢᠶᠠᠷ  ᠬᠤᠳᠣᠭᠤᠳᠣᠨ ᠤ   ᠥᠮᠡᠨ ᠳᠤ ᠭᠤᠷᠪᠠᠳᠠᠬᠢ ᠪᠤᠶᠤ ᠭᠤᠷᠪᠠᠳᠠᠬᠢ ᠠᠴᠠ ᠳᠡᠭᠡᠭᠰᠢᠬᠢ ᠡᠮᠴᠢᠯᠡᠭᠡ ᠬᠢᠬᠦ ᠳᠤ  ᠡᠮᠴᠢᠯᠡᠭᠡᠨ ᠤ  ᠠᠶᠤᠯᠬᠦᠢ  ᠴᠢᠨᠠᠷ ᠨᠢ  ᠮᠠᠰᠢ  ᠰᠠᠶᠢᠨ ᠪᠠᠶᠢᠨ᠎ᠠ᠂ ᠡᠭᠦᠨ ᠳᠤ 61.3%᠎ ᠶᠢᠨ ᠡᠪᠡᠳᠴᠢᠲᠡᠨ ᠤ ᠣᠷᠣᠰᠢᠨ ᠠᠮᠢᠳᠤᠷᠠᠬᠤ ᠬᠤᠭᠤᠴᠠᠭ᠎ᠠ ᠨᠢ ᠬᠤᠶᠠᠷ ᠵᠢᠯ ᠠᠴᠠ  ᠳᠡᠭᠡᠭᠰᠢ ᠤᠷᠳᠤᠳᠬᠠᠬᠳᠠᠬᠤ ᠪᠤᠯᠤᠨ᠎ᠠ᠃ ᠡᠨᠡ ᠨᠢ ᠪᠠᠰᠠ ᠰᠡᠭᠦᠯᠴᠢ ᠶᠢᠨ ᠬᠤᠭᠤᠴᠠᠭᠠᠨ ᠤ ᠬᠤᠳᠣᠭᠤᠳᠣᠨ ᠥᠮᠡᠨ ᠢ ᠡᠮᠨᠡᠨ ᠵᠠᠰᠠᠬᠤ  ︿ᠡᠮ ᠲᠤᠳᠠᠬᠳᠠᠵᠤ ᠪᠠᠶᠢᠬᠰᠠᠨ﹀᠎ ᠢ  ᠨᠥᠬᠦᠪᠥᠷᠢᠯᠡᠵᠦ᠂  ᠡᠮᠴᠢᠯᠡᠭᠡᠨ ᠳᠤ  ᠡᠮ  ᠳᠤᠲᠠᠵᠦ  ᠪᠠᠶᠢᠬᠰᠠᠨ  ᠬᠥᠰᠢᠭᠦᠨ  ᠪᠠᠶᠢᠳᠠᠯ ᠢ ᠡᠪᠳᠡᠭᠰᠡᠨ ᠪᠠᠶᠢᠨ᠎ᠠ︾ ᠬᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号