ᠵᠦᠩ ᠨᠠᠨ ᠱᠠᠨ ᠤ ᠬᠠᠮᠤᠭ ᠤᠨ ᠰᠢᠨ᠎ᠡ ᠮᠠᠭᠠᠳᠯᠠᠯ
ᠨᠡᠶᠢᠲᠡᠯᠡᠭᠰᠡᠨ ᠴᠠᠭ᠄
2020/4/1
      3  ᠰᠠᠷ᠎ᠠ ᠶᠢᠨ  27 ᠤ  ᠡᠳᠦᠷ ᠤᠨ  ᠦᠳᠡ ᠶᠢᠨ  ᠡᠮᠦᠨ᠎ᠡ᠂   ᠳᠤᠮᠳᠠᠳᠤ   ᠤᠯᠤᠰ ᠤᠨ   ᠢᠨᠵᠧᠨᠧᠷᠢᠩ ᠤᠨ ᠬᠦᠷᠢᠶᠡᠯᠡᠩ ᠤᠨ ᠠᠺᠠᠳᠧᠮᠢᠴᠢ᠂  ᠠᠮᠢᠰᠬᠤᠯ ᠤᠨ  ᠡᠪᠡᠳᠴᠢᠨ ᠤ  ᠤᠬᠠᠭᠠᠨ ᠤ  ᠳᠤᠰᠬᠠᠢ  ᠮᠡᠷᠭᠡᠵᠢᠯᠲᠡᠨ  ᠵᠥᠩ  ᠨᠠᠨ  ᠱᠠᠨ ᠠᠮᠧᠷᠢᠺᠠ ᠶᠢᠨ ᠬᠠᠷᠸᠠᠷᠳ᠋ ᠶᠡᠭᠡ ᠰᠤᠷᠭᠠᠭᠤᠯᠢ ᠶᠢᠨ ᠡᠮᠨᠡᠯᠭᠡ ᠶᠢᠨ ᠳᠡᠭᠡᠳᠦ ᠰᠤᠷᠭᠠᠭᠤᠯᠢ ᠵᠢᠴᠢ ᠠᠮᠧᠷᠢᠺᠠ ᠶᠢᠨ ᠮᠡᠷᠭᠡᠵᠢᠯᠲᠡᠨ ᠲᠠᠢ ᠸᠢᠳᠢᠣ᠋ ᠪᠠᠷ ᠬᠤᠯᠪᠣᠭᠳᠠᠵᠤ᠂ ᠰᠢᠨ᠎ᠡ ᠲᠢᠲᠢᠮᠯᠢᠭ  ᠠᠭᠤᠰᠬᠢᠨ  ᠦᠷᠪᠢᠰᠦᠯ ᠤᠨ  ᠬᠢᠵᠢᠭ ᠤᠨ  ᠪᠠᠶᠢᠳᠠᠯ ᠢ  ᠣᠨᠣᠰᠢᠯᠠᠨ  ᠡᠮᠨᠡᠬᠦ ᠬᠠᠮᠢᠶ᠎ᠠ ᠪᠥᠬᠦᠶ ᠪᠠᠶᠢᠳᠠᠯ ᠤᠨ ᠲᠤᠬᠠᠶ ᠰᠠᠨᠠᠯ ᠢᠶᠠᠨ ᠰᠣᠯᠢᠯᠴᠠᠵᠤ ᠰᠤᠳᠤᠯᠤᠨ ᠶᠠᠷᠢᠯᠴᠠᠪᠠ᠃               ᠰᠤᠷᠪᠤᠯᠵᠢᠯᠠᠭᠴᠢ ᠳᠤᠰᠬᠠᠢ  ᠰᠤᠷᠪᠤᠯᠵᠢᠯᠠᠭ᠎ᠠ  ᠬᠢᠵᠤ᠂  ᠵᠦᠩ  ᠨᠠᠨ  ᠱᠠᠨ ᠠᠴᠠ  ᠤᠯᠤᠰ ᠤᠨ  ᠳᠣᠲᠣᠭᠠᠳᠤ ᠳᠤ ᠬᠢᠵᠢᠭ ᠤᠨ ᠪᠠᠶᠢᠳᠠᠯ ᠲᠠᠬᠢᠨᠳᠠ ᠡᠬᠦᠰᠬᠦ ᠪᠤᠯᠤᠮᠵᠢ ᠲᠠᠢ  ᠤᠤ︖  ᠪᠥᠬᠦ  ᠲᠡᠯᠡᠬᠡᠢ ᠶᠢᠨ  ᠬᠢᠵᠢᠭ ᠤᠨ  ᠪᠠᠶᠢᠳᠠᠯ ᠢ  ᠰᠡᠷᠬᠡᠶᠢᠯᠡᠨ ᠡᠵᠡᠮᠳᠡᠬᠦ ᠠᠵᠢᠯ ᠬᠡᠵᠢᠶ᠎ᠡ ᠦᠷ᠎ᠡ ᠪᠦᠲᠦᠮᠵᠢ  ᠤᠯᠬᠤ  ᠪᠤᠯ︖  ᠬᠡᠮᠡᠨ  ᠠᠰᠠᠭᠤᠬᠤ ᠳᠤ᠂  ᠵᠥᠩ  ᠨᠠᠨ  ᠱᠠᠨ  ᠬᠢᠵᠢᠭ ᠤᠨ ᠪᠠᠶᠢᠳᠠᠯ ᠤᠨ ᠬᠠᠯᠠᠮᠰᠢᠯ ᠠᠰᠠᠭᠤᠳᠠᠯ ᠳᠤ ᠬᠠᠷᠢᠭᠤᠯᠲᠠ ᠥᠭᠪᠡ᠃               ᠤᠯᠤᠰ ᠤᠨ ᠳᠣᠲᠣᠭᠠᠳᠤ ᠶᠢᠨ ᠬᠢᠵᠢᠭ ᠤᠨ ᠪᠠᠶᠢᠳᠠᠯ ᠲᠠᠬᠢᠨᠳᠠ‌ᠡᠭᠦᠰᠬᠦ ᠪᠤᠯᠤᠮᠵᠢ ᠲᠠᠢ ᠤᠤ︖             ᠵᠦᠩ ᠨᠠᠨ ᠱᠠᠨ ᠬᠡᠯᠡᠬᠦ ᠳᠡᠭᠡᠨ᠂ ᠤᠯᠤᠰ ᠤᠨ ᠳᠣᠲᠣᠭᠠᠳᠤ ᠳᠤ ᠬᠢᠵᠢᠭ ᠤᠨ ᠪᠠᠶᠢᠳᠠᠯ ᠲᠠᠬᠢᠨᠳᠠ ᠶᠡᠭᠡ ᠬᠡᠪᠴᠢᠶ᠎ᠠ ᠪᠠᠷ ᠡᠭᠦᠰᠬᠦ ᠦᠭᠡᠶ᠃ ᠤᠷᠢᠳᠠᠯ ᠨᠦᠬᠦᠴᠡᠯ ᠨᠢ ᠡᠷᠭᠡᠪᠰᠢ ᠢᠳᠡᠪᠬᠢᠲᠡᠶ ᠰᠡᠷᠭᠡᠶᠢᠯᠡᠨ  ᠡᠵᠡᠮᠳᠡᠵᠦ᠂  ᠰᠣᠨᠣᠷ  ᠰᠡᠷᠡᠮᠵᠢ ᠲᠠᠢ  ᠪᠠᠶᠢᠬᠤ ᠬᠡᠷᠡᠭᠲᠡᠶ ᠬᠡᠵᠡᠢ᠃             ᠣᠲᠣ ᠶᠢᠨ ᠨᠠᠶᠢᠳᠡ ᠪᠠᠷ ᠢᠶᠠᠨ ᠰᠡᠷᠭᠡᠶᠢᠯᠡᠵᠦ ᠨᠡᠶᠢᠳᠡ ᠪᠠᠷ ᠢᠶᠠᠨ ᠡᠵᠡᠮᠳᠡᠬᠦ  ᠲᠣᠭᠲᠠᠴᠠ  ᠶᠣᠰᠣᠭᠠᠷ᠂  ᠣᠳᠣᠬᠠᠨ ᠤ ᠭᠤᠤᠯᠳᠠᠯᠭ᠎ᠠ ᠪᠠᠨ ᠬᠢᠯᠢ ᠶᠢᠨ ᠭᠠᠳᠠᠨ᠎ᠠ ᠠᠴᠠ ᠤᠷᠤᠵᠤ ᠢᠷᠡᠬᠦ ᠶᠢ ᠰᠡᠷᠭᠡᠶᠢᠯᠡᠨ ᠡᠵᠡᠮᠳᠡᠬᠦ ᠲᠡᠬᠡᠷ᠎ᠠ ᠲᠠᠯᠪᠢᠬᠤ  ᠬᠡᠷᠡᠭᠲᠡᠶ᠃  ᠡᠩ ᠲᠡᠷᠢᠭᠦᠨ ᠳᠤ ᠢᠳᠡᠪᠬᠢᠲᠡᠢ ᠣᠨᠣᠰᠢᠯᠠᠨ᠎ᠠ︔  ᠳᠠᠷᠠᠭ᠎ᠠ ᠳᠤᠨᠢ᠂  ᠲᠣᠭᠲᠠᠭᠰᠠᠨ  ᠡᠮᠨᠡᠯᠭᠡ ᠶᠢᠨ  ᠬᠤᠷᠢᠶ᠎ᠠ  ᠪᠤᠶᠤ  ᠵᠣᠴᠢᠳ ᠤᠨ ᠪᠠᠭᠤᠳᠠᠯ ᠳᠤ ᠲᠤᠰᠠᠭᠠᠷᠯᠠᠨ᠎ᠠ᠃ ᠣᠳᠣᠬᠠᠨ ᠳᠤ᠂ ᠬᠢᠯᠢ ᠶᠢᠨ  ᠭᠠᠳᠠᠨ᠎ᠠ ᠠᠴᠠ  ᠣᠷᠣᠵᠤ  ᠢᠷᠡᠭᠰᠡᠨ  ᠬᠥᠮᠦᠰ ᠤᠨ  ᠳᠣᠲᠣᠷ᠎ᠠ ᠬᠠᠯᠳᠠᠪᠤᠷᠢᠯᠠᠯ ᠡᠭᠦᠰᠬᠦ ᠪᠣᠯᠤᠮᠵᠢ ᠶᠡᠭᠡ ᠪᠠᠶᠢᠨ᠎ᠠ᠃                ᠪᠥᠬᠦ ᠲᠡᠯᠡᠬᠡᠢ ᠶᠢᠨ ᠬᠢᠵᠢᠭ ᠤᠨ ᠪᠠᠶᠢᠳᠠᠯ ᠢ ᠰᠡᠷᠬᠡᠶᠢᠯᠡᠨ  ᠡᠵᠡᠮᠳᠡᠬᠦ  ᠠᠵᠢᠯ  ᠬᠡᠵᠢᠶ᠎ᠡ  ᠦᠷ᠎ᠡ  ᠪᠦᠲᠦᠮᠵᠢ  ᠤᠯᠬᠤ ᠪᠤᠯ︖              ᠵᠦᠩ  ᠨᠠᠨ  ᠱᠠᠨ  ᠬᠡᠯᠡᠬᠦ ᠳᠡᠭᠡᠨ᠂  ᠡᠨᠡ  ᠠᠰᠠᠭᠤᠳᠠᠯ ᠢ  ᠬᠠᠷᠢᠭᠤᠯᠬᠤ ᠳᠤ  ᠥᠷᠥᠨᠡᠳᠠᠬᠢᠨ ᠤ  ᠭᠤᠣᠯ  ᠪᠣᠯᠬᠤ ᠤᠯᠤᠰ ᠤᠳ ᠲᠤ ᠲᠦᠰᠢᠭᠯᠡᠨ᠎ᠡ᠃ ᠲᠡᠳᠡᠨ ᠤ  ᠲᠥᠷᠥ ᠶᠢᠨ  ᠪᠣᠳᠣᠯᠭ᠎ᠠ  ᠡᠳᠦᠷ  ᠪᠤᠯᠭᠠᠨ  ᠬᠤᠪᠢᠷᠠᠵᠤ  ᠪᠠᠶᠢᠬᠤ  ᠮᠥᠷᠲᠡᠭᠡᠨ ᠤᠯᠠᠮ ᠠᠴᠠ ᠤᠯᠠᠮ ᠠᠳᠠᠯᠢᠪᠳᠤᠷ ᠪᠤᠯᠵᠤ ᠪᠠᠶᠢᠨ᠎ᠠ᠃  ᠤᠳᠤ  ᠮᠠᠰᠢ  ᠤᠯᠠᠨ ᠤᠯᠤᠰ ᠤᠨ ᠬᠤᠲᠠ ᠤᠳ ᠨᠢ  ︽ᠬᠤᠳᠠ ᠪᠠᠨ ᠪᠢᠲᠡᠭᠦᠮᠵᠢᠯᠡᠬᠦ︾  ᠠᠷᠭ᠎ᠠ  ᠬᠡᠮᠵᠢᠶ᠎ᠡ  ᠠᠪᠴᠤ  ᠠᠰᠠᠭᠤᠳᠠᠯ ᠶᠢ   ᠰᠢᠢᠳᠪᠦᠷᠢᠯᠡᠵᠦ   ᠪᠠᠶᠢᠨ᠎ᠠ᠂   ᠭᠡᠪᠡᠴᠦ   ︽ᠬᠤᠳᠠ ᠪᠠᠨ ᠪᠢᠲᠡᠭᠦᠮᠵᠢᠯᠡᠭᠰᠡᠨ︾ ᠤ ᠰᠡᠬᠦᠯᠡᠷ ᠬᠤᠪᠢ ᠬᠥᠮᠦᠨ ᠤ ᠬᠠᠮᠠᠭᠠᠯᠠᠯᠲᠠ ᠶᠢ ᠰᠠᠶᠢᠲᠤᠷ ᠬᠢᠬᠦ ᠴᠢᠬᠤᠯᠠᠳᠠᠢ᠃              ᠬᠤᠪᠢ ᠬᠥᠮᠦᠨ ᠤ ᠬᠠᠮᠠᠭᠠᠯᠠᠯᠲᠠ ᠶᠢ ᠰᠠᠶᠢᠲᠤᠷ ᠬᠢᠭᠰᠡᠡ ᠰᠠᠭᠤᠷᠢᠨ ᠳᠡᠭᠡᠷ᠎ᠡ᠂  ᠵᠥᠩ  ᠨᠠᠨ  ᠱᠠᠨ᠄  ︽ᠧᠦ᠋ᠷᠣᠫᠠ ᠲᠢᠪ ᠤᠨ ᠳᠤᠳᠤᠯᠠᠭᠰᠠᠠ ᠡᠪᠡᠳᠴᠢᠨ ᠤ ᠵᠢᠱᠢᠶ᠎ᠡ ᠢᠷᠡᠬᠦ‍ ᠨᠢᠭᠡ ᠭᠠᠷᠠᠭ ᠲᠤ ᠣᠷᠭᠢᠯ ᠳᠠᠭᠠᠨ ᠬᠦᠷᠦᠨ᠎ᠡ᠂ ᠡᠬᠦᠨ ᠤ  ᠲᠠᠷᠠᠭ᠎ᠠ ᠪᠠᠷ ᠡᠪᠡᠳᠴᠢᠨ ᠤ ᠪᠠᠶᠢᠳᠠᠯ ᠭᠠᠶᠢᠭᠤᠢ ᠪᠤᠯᠬᠤ  ᠶᠣᠰᠣᠲᠠᠶ᠂  ᠭᠡᠪᠡᠴᠦ  ᠠᠮᠧᠷᠢᠺᠠ ᠳᠤ  ᠬᠡᠯᠡᠵᠤ  ᠮᠡᠳᠡᠬᠦ  ᠦᠬᠡᠢ᠃  ᠤᠳᠤ  ᠡᠯ᠎ᠡ ᠤᠯᠤᠰ ᠤᠨ ᠲᠥᠷᠥ ᠶᠢᠨ ᠪᠣᠳᠣᠯᠭ᠎ᠠ ᠠᠳᠠᠯᠢ ᠦᠭᠡᠢ᠂ ᠬᠡᠷᠪᠡ ᠪᠦᠬᠦᠳᠡᠬᠡᠷ ᠢᠶᠠᠨ ᠨᠡᠯᠢᠶᠡᠳ ᠢᠳᠡᠪᠬᠢᠲᠡᠢ ᠲᠥᠷᠥ ᠶᠢᠨ ᠪᠣᠳᠣᠯᠭ᠎ᠠ ᠠᠪᠤᠪᠠᠯ᠂ ᠡᠪᠡᠳᠴᠢᠨ ᠤ ᠵᠢᠱᠢᠶ᠎ᠡ 4 ᠰᠠᠷ᠎ᠠ ᠳᠤ ᠪᠠᠭᠤᠷᠠᠬᠤ ᠪᠤᠯᠤᠨ᠎ᠠ︾ ᠬᠡᠵᠤ ᠬᠡᠯᠡᠪᠠ᠃             ᠵᠦᠩ ᠨᠠᠨ ᠱᠠᠨ᠄ ᠬᠢᠵᠢᠭ ᠤᠨ ︽ᠲᠦᠪ︾ ᠠᠮᠧᠷᠢᠺᠠ ᠳᠤ ᠰᠢᠯᠵᠢᠬᠦ ᠪᠣᠯᠤᠮᠵᠢ ᠲᠠᠢ              ᠵᠥᠩ ᠨᠠᠨ ᠱᠠᠨ ᠢᠯᠡᠷᠬᠡᠶᠢᠯᠡᠬᠦ ᠳᠡᠭᠡᠨ᠂ ᠣᠳᠣᠬᠠᠨ ᠳᠤ ᠪᠤᠰᠤᠳ ᠤᠯᠤᠰ  ᠨᠢᠭᠡᠨᠲᠡ  ᠡᠯ᠎ᠠ  ᠵᠦᠢᠯ   ᠤᠨ  ᠠᠷᠭ᠎ᠠ ᠬᠡᠮᠵᠢᠶ᠎ᠠ ᠠᠪᠤᠭᠠᠳ ᠭᠤᠷᠪᠠᠨ  ᠭᠠᠷᠠᠭ  ᠪᠤᠯᠵᠤ  ᠪᠠᠶᠢᠨ᠎ᠠ᠃  ᠴᠥᠭᠡᠨ  ᠲᠣᠭᠠᠨ ᠤ  ᠤᠯᠤᠰ ᠤᠨ  ᠰᠢᠨ᠎ᠡ ᠪᠠᠷ  ᠨᠡᠮᠡᠭᠳᠡᠭᠰᠡᠨ ᠡᠪᠡᠳᠴᠢᠨ ᠤ ᠵᠢᠱᠢᠶ᠎ᠡ ᠶᠢᠨ ᠲᠤᠭ᠎ᠠ ᠪᠠᠭ᠎ᠠ ᠪᠠᠭᠤᠷᠠᠭᠰᠠᠨ ᠠᠴᠠ ᠭᠠᠳᠠᠨ᠎ᠠ᠂ ᠪᠤᠰᠤᠳ ᠤᠯᠤᠰ ᠤᠨ ᠡᠪᠡᠳᠴᠢᠨ ᠤ ᠵᠢᠱᠢᠶ᠎ᠠ ᠪᠠᠰᠠ ᠯᠠ  ᠨᠡᠮᠡᠭᠳᠡᠵᠦ  ᠪᠠᠶᠢᠨ᠎ᠠ᠂  ᠢᠯᠠᠩᠭᠤᠶ᠎ᠠ  ᠠᠮᠧᠷᠢᠺᠠ ᠳᠤ᠃  ᠣᠳᠣᠬᠠᠨ ᠳᠤ  ᠠᠮᠧᠷᠢᠺᠠ ᠶᠢᠨ  ᠳᠤᠳᠤᠯᠠᠭᠰᠠᠠ  ᠡᠪᠡᠳᠴᠢᠨ ᠤ ᠵᠢᠱᠢᠶ᠎ᠡ ᠶᠢᠨ ᠲᠤᠭ᠎ᠠ ᠨᠢᠭᠡᠨᠲᠡ ᠳᠤᠮᠳᠠᠳᠤ ᠤᠯᠤᠰ ᠠᠴᠠ ᠳᠠᠪᠠᠵᠤ᠂ ᠬᠢᠵᠢᠭ ᠤᠨ  ︽ᠲᠦᠪ︾  ᠠᠮᠧᠷᠢᠺᠠ  ᠤᠷᠤᠭᠤ  ᠰᠢᠯᠵᠢᠵᠦ ᠮᠡᠳᠡᠨ᠎ᠡ ᠬᠡᠯ᠎ᠠ᠃               ᠵᠥᠩ ᠨᠠᠨ ᠱᠠᠨ ᠳᠤᠮᠳᠠᠳᠤ ᠤᠯᠤᠰ ᠤᠨ ᠬᠢᠵᠢᠭ ᠤᠨ ᠪᠠᠶᠢᠳᠠᠯ ᠢ ᠲᠦᠷᠭᠡᠨ ᠰᠡᠷᠬᠡᠶᠢᠯᠡᠨ ᠡᠵᠡᠮᠳᠡᠬᠦ  ᠲᠤᠷᠰᠢᠯᠭ᠎ᠠ ᠪᠠᠨ ᠬᠤᠪᠢᠶᠠᠯᠴᠠᠪᠠ     ᠣᠶᠢᠷ᠎ᠠ ᠳᠤ᠂ ᠵᠥᠩ ᠨᠠᠨ ᠱᠠᠨ ᠠᠮᠧᠷᠢᠺᠠ ᠶᠢᠨ ᠬᠠᠮᠢᠶ᠎ᠠ ᠪᠥᠬᠦᠶ  ᠲᠤᠰᠬᠠᠶ  ᠮᠡᠷᠭᠡᠵᠢᠯᠲᠡᠳ ᠲᠠᠢ  ᠣᠯᠠᠨ  ᠤᠳᠠᠭ᠎ᠠ ᠸᠢᠳᠢᠣ᠋ ᠪᠠᠷ ᠬᠤᠯᠪᠣᠭᠳᠠᠵᠦ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠬᠡᠶᠢᠯᠡᠨ  ᠡᠵᠡᠮᠳᠡᠭᠰᠡᠡ ᠲᠤᠷᠰᠢᠯᠭ᠎ᠠ ᠪᠠ ᠣᠨᠣᠰᠢᠯᠠᠨ ᠡᠮᠨᠡᠭᠰᠡᠨ ᠪᠠᠶᠢᠳᠠᠯ ᠤᠨ ᠲᠤᠬᠠᠶ ᠬᠠᠮᠲᠤᠷᠠᠨ ᠰᠤᠳᠤᠯᠤᠨ ᠶᠠᠷᠢᠯᠴᠠᠪᠠ᠃               ᠠᠮᠧᠷᠢᠺᠠ ᠶᠢᠨ  ᠲᠤᠰᠬᠠᠶ  ᠮᠡᠷᠭᠡᠵᠢᠯᠲᠡᠨ ᠤ  ᠣᠨᠴᠠ  ᠠᠩᠬᠠᠷᠴᠤ   ᠪᠠᠶᠢᠭ᠎ᠠ   ᠰᠢᠨ᠎ᠡ   ᠲᠢᠲᠢᠮᠯᠢᠭ   ᠠᠭᠤᠰᠬᠢᠨ ᠦᠷᠪᠢᠰᠦᠯ ᠤᠨ  ᠬᠢᠵᠢᠭ ᠤᠨ  ᠪᠠᠶᠢᠳᠠᠯ ᠢ  ᠬᠡᠷᠬᠢᠨ  ᠲᠦᠷᠭᠡᠨ  ᠰᠡᠷᠬᠡᠶᠢᠯᠡᠨ   ᠡᠵᠡᠮᠳᠡᠬᠦ   ᠲᠤᠬᠠᠶ   ᠵᠦᠩ   ᠨᠠᠨ   ᠱᠠᠨ ᠢᠯᠡᠷᠬᠡᠶᠢᠯᠡᠬᠦ ᠳᠡᠭᠡᠨ᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠳᠤ ᠬᠤᠶᠠᠷ ᠪᠠᠶᠢᠯᠳᠤᠬᠤ ᠪᠣᠳᠣᠯᠭ᠎ᠠ ᠪᠠᠶᠢᠨ᠎ᠠ᠂  ᠨᠢᠭᠡ ᠨᠢ ᠪᠤᠯ ᠬᠤᠷᠢᠬᠯᠠᠬᠤ᠂ ᠨᠦᠬᠦᠬᠡ ᠨᠢ ᠪᠤᠯ ᠬᠤᠶᠢᠰᠢᠯᠠᠭᠤᠯᠬᠤ᠃ ᠳᠤᠮᠳᠠᠳᠤ ᠤᠯᠤᠰ ᠤᠨ  ᠬᠤᠷᠢᠬᠯᠠᠬᠤ  ᠪᠠᠶᠢᠯᠳᠤᠬᠤ  ᠪᠣᠳᠣᠯᠭ᠎ᠠ ᠨᠢ ᠣᠬᠤᠷᠬᠠᠨ ᠬᠤᠭᠤᠴᠠᠭᠠᠨ ᠳᠤ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠵᠤ ᠴᠢᠳᠠᠵᠠᠢ᠃ ᠳᠤᠮᠳᠠᠳᠤ  ᠤᠯᠤᠰ ᠤᠨ  ᠨᠡᠶᠢᠭᠡᠮ ᠲᠣᠭᠤᠷᠢᠭ ᠴᠤ ᠨᠠᠶᠢᠳᠠ ᠪᠠᠷ ᠢᠶᠠᠨ ᠰᠡᠷᠭᠡᠶᠢᠯᠡᠵᠦ ᠨᠠᠶᠢᠳᠠ ᠪᠠᠷ ᠢᠶᠠᠨ ᠡᠵᠡᠮᠳᠡᠬᠦ ᠴᠢᠩᠭ᠎ᠠ ᠬᠦᠴᠦᠲᠡᠶ ᠠᠷᠭ᠎ᠠ ᠬᠡᠮᠵᠢᠶ᠎ᠡ  ᠠᠪᠤᠭᠰᠠᠨ ᠪᠠᠶᠢᠳᠠᠭ᠃ ᠪᠣᠳᠠᠲᠠᠶ ᠪᠠᠷ ᠬᠡᠯᠡᠪᠡᠯ᠂  ᠳᠠᠷᠤᠶ  ᠳᠥᠷᠪᠡᠨ  ︽ᠡᠷᠲᠡ︾᠄  ᠡᠷᠲᠡ  ᠢᠯᠡᠷᠡᠬᠦᠯᠬᠦ᠂  ᠡᠷᠲᠡ  ᠮᠡᠳᠡᠭᠦᠯᠬᠦ᠂  ᠡᠷᠲᠡ ᠲᠤᠰᠠᠭᠠᠷᠯᠠᠬᠤ᠂ ᠡᠷᠲᠡ ᠡᠮᠨᠡᠬᠦ᠂ ᠡᠨᠡ ᠨᠢ ᠮᠠᠰᠢ ᠴᠢᠬᠤᠯᠠ ᠦᠢᠯᠡᠳᠦᠯ ᠦᠵᠡᠭᠦᠯᠦᠭᠰᠡᠨ ᠶᠤᠮ᠃              ᠵᠦᠩ ᠨᠠᠨ ᠱᠠᠨ᠄ ᠡᠪᠡᠳᠴᠢᠨ ᠤ ᠢᠯᠠᠷᠡᠯ ᠦᠭᠡᠢ ᠨᠢᠭᠲᠠ ᠤᠢᠢᠷᠠᠳᠤᠭᠰᠠᠳ ᠢ ᠡᠷᠬᠡᠪᠰᠢ ᠴᠢᠬᠤᠯᠠᠴᠢᠯᠠᠬᠤ ᠬᠡᠷᠡᠭᠲᠡᠢ               ᠬᠢᠵᠢᠭ ᠤᠨ  ᠪᠠᠶᠢᠳᠠᠯ ᠢ  ᠬᠡᠷᠬᠢᠨ   ᠰᠡᠷᠬᠡᠶᠢᠯᠡᠨ   ᠡᠵᠡᠮᠳᠡᠬᠦ   ᠲᠤᠬᠠᠶ   ᠵᠥᠩ   ᠨᠠᠨ   ᠱᠠᠨ   ᠣᠨᠴᠠᠭᠠᠶᠢᠯᠠᠨ ᠴᠢᠬᠤᠯᠠᠴᠢᠯᠠᠭᠰᠠᠨ ᠨᠢ᠂ ᠵᠥᠪᠬᠡᠨ  ᠡᠪᠡᠳᠴᠢᠨ ᠤ  ᠢᠯᠡᠷᠡᠯ ᠲᠠᠢ  ᠬᠥᠮᠦᠰ ᠢ  ᠴᠢᠬᠤᠯᠠᠴᠢᠯᠠᠭᠠᠳ  ᠪᠠᠶᠢᠵᠤ  ᠪᠣᠯᠬᠤ  ᠥᠬᠡᠶ᠂ ᠳᠤᠳᠤᠯᠠᠭᠰᠠᠠ ᠡᠪᠡᠳᠴᠢᠳᠡᠨ ᠲᠠᠢ ᠨᠢᠭᠲᠠ ᠤᠶᠢᠷᠠᠳᠤᠭᠰᠠᠨ ᠡᠪᠡᠳᠴᠢᠨ ᠤ ᠢᠯᠡᠷᠡᠯ ᠥᠬᠡᠶ ᠬᠦᠮᠤᠰ ᠢ ᠣᠨᠴᠠᠭᠠᠶᠢᠯᠠᠨ ᠠᠩᠬᠠᠷᠬᠤ ᠬᠡᠷᠡᠭᠲᠡᠶ᠂ ᠡᠨᠡ ᠨᠢ ᠳᠤᠮᠳᠠᠳᠤ ᠤᠯᠤᠰ ᠲᠤ ᠠᠪᠴᠤ ᠬᠡᠯᠡᠪᠡᠯ ᠮᠠᠰᠢ ᠴᠢᠬᠤᠯᠠ ᠪᠠᠶᠢᠭᠰᠠᠨ ᠶᠤᠮ ᠬᠡᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号