ᠲᠤᠯᠤᠢ ᠡᠵᠠᠨ ᠤ ᠲᠠᠭᠢᠯᠭ᠎ᠠ
ᠨᠡᠶᠢᠲᠡᠯᠡᠭᠰᠡᠨ ᠴᠠᠭ᠄
2020/6/1
     ᠲᠤᠯᠤᠢ ᠡᠵᠠᠨ ᠤ ᠲᠠᠭᠢᠯᠭ᠎ᠠ ᠨᠢ ᠴᠢᠩᠭᠢᠰ ᠤᠨ ᠨᠠᠢᠮᠠᠨ ᠴᠠᠭᠠᠨ ᠤᠷᠳᠤᠨ ᠤ ᠲᠠᠭᠢᠯᠭ᠎ᠠ ᠶᠢᠨ ᠪᠥᠷᠢᠯᠳᠥᠭᠦᠨ ᠤ ᠬᠤᠪᠢ ᠪᠠᠷ ᠡᠭᠦᠰᠴᠤ ᠪᠥᠷᠢᠯᠳᠥᠭᠡᠳ᠂ 15 ᠳ᠋ᠤᠭᠠᠷ ᠵᠠᠭᠤᠨ ᠳᠤ ᠴᠢᠩᠭᠢᠰ ᠤᠨ ᠨᠠᠢᠮᠠᠨ ᠴᠠᠭᠠᠨ ᠤᠷᠳᠤᠨ ᠲᠠᠢ ᠬᠠᠮᠳᠤ ᠤᠷᠳᠤᠰ ᠲᠥᠮᠡᠨ ᠤ ᠨᠤᠳᠤᠭ ᠲᠤ ᠰᠠᠭᠠᠳᠠᠭᠰᠠᠨ ᠶᠤᠮ᠃       ᠲᠡᠭᠦᠨ ᠠᠴᠠ ᠬᠤᠶᠢᠰᠢ ᠲᠠᠥᠭᠡ ᠶᠢᠨ ᠨᠥᠭᠦᠴᠠᠯ ᠰᠢᠯᠳᠠᠭᠠᠨ ᠢᠶᠠᠷ ᠭᠡᠳᠤ ᠤᠳᠠᠭ᠎ᠠ ᠨᠤᠳᠤᠭ ᠰᠢᠯᠵᠢᠵᠥ᠂ 1956 ᠤᠨ ᠳᠤ ᠡᠵᠠᠨ ᠬᠤᠷᠤᠭ᠎ᠠ ᠳᠤ ᠠᠪᠴᠢᠷᠠᠵᠤ᠂ ᠴᠢᠩᠭᠢᠰ ᠤᠨ ᠰᠢᠨ᠎ᠠ ᠤᠡᠭᠭᠤᠨ ᠲᠠᠢ ᠨᠠᠶᠢᠯᠡᠭᠦᠯᠥᠨ ᠲᠠᠭᠢᠬᠤ ᠪᠤᠯᠤᠭᠰᠠᠨ ᠪᠠᠶᠢᠨ᠎ᠠ᠃ ᠲᠠᠭᠢᠯᠭ᠎ᠠ ᠶᠢᠨ ᠶᠠᠷᠥᠩᠭᠡᠢ ᠪᠠᠶᠢᠳᠠᠯ ᠨᠢ ᠴᠢᠩᠭᠢᠰ ᠤᠨ ᠲᠠᠭᠢᠯᠭ᠎ᠠ ᠲᠠᠢ ᠠᠳᠠᠯᠢᠪᠳᠤᠷ ᠪᠠᠶᠢᠳᠠᠭ᠃ ᠲᠤᠯᠤᠢ ᠡᠵᠠᠨ ᠤ ᠲᠠᠭᠢᠯᠭ᠎ᠠ ᠨᠢ ᠰᠠᠷ᠎ᠠ ᠶᠢᠨ ᠲᠠᠭᠢᠯᠭ᠎ᠠ ᠪᠠ ᠲᠥᠷᠪᠡᠨ ᠴᠠᠭ ᠤᠨ ᠲᠠᠭᠢᠯᠭ᠎ᠠ ᠲᠠᠢ᠃       ᠰᠠᠷ᠎ᠠ ᠶᠢᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠰᠠᠷ᠎ᠠ ᠪᠥᠷᠢ ᠶᠢᠨ ᠰᠢᠨ᠎ᠠ ᠶᠢᠨ ᠭᠤᠷᠪᠠᠨ ᠳᠤ ᠶᠠᠪᠤᠭᠳᠠᠳᠠᠭ᠃       ᠬᠠᠪᠤᠷ ᠤᠨ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ ᠤ ᠡᠳᠤᠷ ᠭᠤᠷᠪᠠᠨ ᠥᠳᠭᠡ ᠪᠠᠷ ᠲᠠᠭᠢᠳᠠᠭ᠃       ᠵᠤᠨ ᠤ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠠᠷᠪᠠᠨ ᠲᠠᠪᠤᠨ ᠤ ᠡᠳᠤᠷ ᠬᠤᠶᠠᠷ ᠥᠳᠭᠡ ᠪᠠᠷ ᠲᠠᠭᠢᠳᠠᠭ᠃ ᠤᠳᠤᠭ᠂ ᠬᠠᠨᠭ᠍ᠭᠢᠨ ᠬᠤᠶᠠᠷ ᠬᠤᠰᠢᠭᠤ ᠬᠠᠮᠳᠤᠷᠠᠨ ᠭᠢᠳᠡᠭ ᠪᠠᠶᠢᠪᠠ᠃       ᠨᠠᠮᠤᠷ ᠤᠨ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢᠨ ᠠᠷᠪᠠᠨ ᠬᠤᠶᠠᠷ ᠤᠨ ᠡᠳᠤᠷ ᠨᠢᠭᠡ ᠥᠳᠭᠡ ᠪᠠᠷ ᠲᠠᠭᠢᠳᠠᠭ᠃       ᠡᠪᠤᠯ ᠤᠨ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠠᠷᠪᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠶᠠᠪᠤᠭᠳᠠᠳᠠᠭ᠃ ᠡᠭᠦᠨ ᠳᠤ ᠲᠠᠰᠠᠮᠠᠨ ᠢᠮᠠᠭ᠎ᠠ ᠶᠢ ᠬᠤᠰᠢᠭᠤᠨ ᠤ ᠸᠠᠩ ᠨᠤᠶᠠᠨ ᠪᠡᠯᠡᠳᠭᠡᠵᠥ᠂ ᠤᠳᠤᠭ ᠤᠨ ᠵᠡᠭᠦᠨ ᠬᠤᠰᠢᠭᠤᠨ ᠠᠴᠠ ᠨᠢᠭᠡ ᠬᠤᠨᠢ᠂ ᠲᠤᠯᠤᠢ ᠡᠵᠠᠨ ᠤ ᠲᠠᠷᠬᠠᠳ ᠬᠤᠶᠠᠷ ᠬᠤᠨᠢ ᠡᠷᠭᠦᠵᠥ ᠲᠠᠭᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号