ᠰᠦᠨᠡᠰᠤ ᠮᠦᠷ ᠵᠢᠭᠠᠬᠤ
ᠨᠡᠶᠢᠲᠡᠯᠡᠭᠰᠡᠨ ᠴᠠᠭ᠄
2020/7/20
     ᠬᠦᠮᠦᠨ ᠨᠠᠰᠤ ᠪᠠᠷᠠᠬᠤ ᠳᠤ ᠰᠦᠨᠡᠰᠤ ᠨᠢ ᠤᠴᠢᠬᠤ ᠭᠠᠵᠠᠷ ᠢᠶᠠᠨ ᠤᠯᠬᠤ ᠦᠭᠡᠢ ᠡᠷᠭᠢᠴᠡᠨ ᠲᠦᠭᠡᠷᠢᠭᠦ ᠦᠵᠡᠭᠳᠡᠯ ᠭᠠᠷᠳᠠᠭ᠃ ᠬᠦᠮᠦᠨ ᠳᠤ ᠭᠤᠷᠪᠠᠨ ᠰᠦᠨᠡᠰᠤ ᠪᠠᠶᠢᠬᠤ ᠤᠶᠢᠯᠠᠭᠠᠯᠳᠠ ᠪᠠᠷ ᠪᠤᠯ᠂ ᠨᠠᠰᠤ ᠪᠠᠷᠠᠬᠰᠠᠳ ᠤᠨ ᠰᠦᠨᠡᠰᠤᠨ ᠤ ᠨᠢᠭᠡ ᠨᠢ ᠭᠡᠭᠦᠷ ᠤᠡᠭᠭᠤᠨ ᠢᠶᠠᠨ ᠰᠠᠭᠢᠵᠤ᠂ ᠨᠦᠭᠦᠭᠡ ᠨᠢ ᠦᠷ᠎ᠡ ᠭᠡᠦᠭᠡᠳ ᠢᠶᠠᠨ ᠢᠪᠡᠭᠡᠨ᠂ ᠬᠠᠮᠤᠭ ᠡᠴᠤᠰ ᠤᠨ ᠨᠢᠭᠡ ᠨᠢ ᠲᠦᠷᠦᠯ ᠤᠯᠬᠤ ᠪᠠᠷ ᠶᠠᠪᠤᠬᠤ ᠶᠤᠰᠤᠳᠠᠢ᠃ ᠮᠤᠩᠭᠤᠯᠴᠤᠳ ᠤᠨ ᠦᠵᠡᠭᠦ ᠪᠠᠷ᠂ ᠬᠦᠮᠦᠨ ᠤ ᠰᠦᠨᠡᠰᠤ ᠨᠢ ᠲᠦᠷᠦᠯ ᠤᠯᠵᠤ ᠲᠠᠶᠢᠯᠭᠦ ᠦᠭᠡᠢ ᠪᠤᠯ ᠨᠦᠭᠴᠢᠭᠰᠡᠳ ᠪᠤᠶᠤ ᠦᠷ᠎ᠡ ᠭᠡᠦᠭᠡᠳ ᠲᠤ ᠨᠢ ᠮᠠᠭᠤ ᠭᠡᠳᠡᠭ ᠲᠤᠯᠠ ᠵᠠᠪᠠᠯ ᠰᠦᠨᠡᠰᠤ ᠮᠦᠷ ᠢ ᠨᠢ ᠵᠢᠭᠠᠬᠤ ᠦᠢᠯᠠ ᠶᠢ ᠬᠦᠢᠴᠡᠳᠭᠡᠳᠡᠭ᠃ ᠲᠥᠷᠥᠯ ᠤᠯᠬᠤ ᠰᠦᠨᠡᠰᠤ ᠨᠢ ᠨᠦᠭᠦᠭᠡ ᠬᠤᠶᠠᠷ ᠰᠦᠨᠡᠰᠤ ᠶᠢ ᠪᠤᠳᠤᠪᠠᠯ ᠠᠯᠤᠰ ᠬᠤᠯᠠ ᠶᠠᠪᠤᠵᠤ ᠮᠡᠳᠡᠭᠦ ᠶᠤᠮ᠃ ᠮᠤᠩᠭᠤᠯᠴᠤᠳ ᠤᠨ ᠭᠡᠯᠡᠳᠡᠭ ᠨᠦᠭᠴᠢᠭᠰᠡᠳ ᠤᠨ ᠰᠦᠨᠡᠰᠤ ᠨᠢ ᠲᠡᠭᠷᠢ ᠳᠤ ᠨᠢᠰᠭᠦ᠂ ᠴᠠᠭᠠᠳᠤ ᠶᠢᠷᠳᠢᠨᠴᠤ ᠳᠤ ᠬᠦᠷᠭᠦ᠂ ᠪᠤᠷᠬᠠᠨ ᠤ ᠤᠷᠤᠨ ᠳᠤ ᠤᠴᠢᠬᠤ ᠭᠡᠳᠡᠭ ᠨᠢ ᠭᠤᠤᠯᠳᠠᠭᠤ ᠡᠶᠢᠮᠦᠷᠭᠦᠦ ᠰᠦᠨᠡᠰᠤ ᠶᠢ ᠵᠢᠭᠠᠬᠰᠠᠨ ᠪᠤᠯᠤᠯᠳᠠᠢ᠃       ᠠᠩᠬ᠎ᠠ ᠡᠭᠢᠨ ᠳᠤ ᠪᠠᠨ ᠨᠦᠭᠴᠢᠭᠰᠡᠳ ᠤᠨ ᠰᠦᠨᠡᠰᠤ ᠮᠦᠷ ᠵᠢᠭᠠᠬᠤ ᠦᠢᠯᠠ ᠶᠢ ᠭᠤᠤᠯᠳᠠᠭᠤ ᠪᠦᠭᠡ ᠨᠡᠷ ᠬᠦᠢᠴᠡᠳᠭᠡᠵᠤ ᠪᠠᠶᠢᠵᠠᠢ᠃ ᠰᠠᠭᠦᠯᠠᠷ ᠨᠢ ᠪᠤᠷᠬᠠᠨ ᠱᠠᠰᠢᠨ ᠮᠤᠩᠭᠤᠯ ᠤᠷᠤᠨ ᠳᠤ ᠤᠯᠠᠮᠵᠢᠯᠠᠬᠳᠠᠨ ᠲᠡᠯᠭᠡᠷᠡᠭᠦ ᠶᠢ ᠲᠠᠭᠠᠯᠳᠤᠨ ᠯᠠᠮᠠ ᠨᠠᠷ ᠰᠦᠨᠡᠰᠤ ᠮᠦᠷ ᠵᠢᠭᠠᠬᠤ ᠦᠢᠯᠠ ᠶᠢ ᠬᠦᠢᠴᠡᠳᠭᠡᠭᠦ ᠪᠤᠯᠪᠠ᠃ ᠡᠭᠦᠨ ᠤ ᠲᠠᠭᠠᠤ᠂ ᠪᠦᠭᠡ ᠨᠠᠷ ᠤᠨ ᠲᠤᠮᠳᠠ ᠴᠦᠢᠵᠢᠩ ᠪᠦᠭᠡ ᠭᠡᠭᠴᠢ ᠪᠤᠢ ᠪᠤᠯᠵᠤ᠂ ᠰᠦᠨᠡᠰᠤ ᠮᠦᠷ ᠵᠢᠭᠠᠬᠤ ᠦᠢᠯᠡ ᠶᠢ ᠬᠦᠢᠴᠡᠳᠭᠡᠭᠦ ᠪᠤᠯᠤᠭᠰᠠᠨ ᠪᠠᠶᠢᠨ᠎ᠠ᠃ ᠴᠦᠢᠵᠢᠩ ᠪᠦᠭᠡ ᠭᠡᠳᠡᠭ ᠨᠢ ᠪᠦᠭᠡ ᠨᠠᠷ ᠤᠨ ᠲᠤᠳᠤᠷᠠᠭᠢ ᠰᠢᠷ᠎ᠠ ᠶᠢᠨ ᠱᠠᠰᠢᠨ ᠤ ᠶᠤᠰᠤ ᠨᠤᠮᠯᠠᠯ ᠢ ᠬᠦᠯᠢᠶᠡᠭᠰᠡᠨ ᠪᠥᠭᠡ ᠶᠢ ᠭᠡᠯᠡᠳᠡᠭ᠃ ᠴᠦᠢᠵᠢᠩ ᠪᠦᠭᠡ ᠨᠢ ᠨᠦᠭᠴᠢᠭᠰᠡᠳ ᠢ ᠤᠷᠤᠰᠢᠭᠤᠯᠬᠤ ᠦᠢᠯᠠ ᠳᠤ ᠤᠷᠤᠯᠴᠠᠬᠤ ᠪᠦᠭᠡᠳ ᠭᠡᠨᠭᠭᠡᠷᠭᠡ ᠲᠡᠯᠡᠳᠴᠤ᠂ ᠵᠠᠮ ᠤᠳᠤᠷᠢᠳᠤᠨ ᠰᠦᠨᠡᠰᠤ ᠮᠦᠷ ᠢ ᠨᠢ ᠵᠢᠭᠠᠳᠠᠭ᠃ ᠭᠡᠷᠪᠡ ᠯᠠᠮᠠ ᠵᠠᠯᠠᠵᠤ ᠰᠦᠨᠡᠰᠤ ᠮᠦᠷ ᠵᠢᠭᠠᠯᠭᠠᠪᠠᠯ᠂ ᠵᠠᠯᠠᠬᠳᠠᠬᠰᠠᠨ ᠭᠡᠷ ᠲᠤ ᠭᠤᠷᠪᠠᠨ ᠡᠳᠦᠷ ᠰᠠᠭᠤᠵᠤ᠂ ᠨᠤᠮ ᠤᠡᠭᠰᠢᠵᠤ᠂ ᠢᠷᠦᠭᠡᠯ ᠲᠠᠯᠪᠢᠨ ᠰᠦᠨᠡᠰᠤ ᠮᠦᠷ ᠢ ᠨᠢ ᠵᠢᠭᠠᠳᠠᠭ᠃ ᠨᠥᠭᠴᠢᠭᠰᠡᠳ ᠤᠨ ᠠᠮᠢᠨ ᠰᠦᠨᠡᠰᠤ ᠨᠢ ᠨᠢᠭᠡ ᠤᠳᠠᠭ᠎ᠠ ᠵᠠᠪᠠᠯ ᠭᠡᠷ ᠢᠶᠠᠨ ᠡᠷᠭᠢᠵᠤ ᠦᠵᠡᠨ᠎ᠡ ᠭᠡᠳᠡᠭ ᠪᠠ ᠭᠤᠤᠯᠳᠠᠭᠤ ᠲᠤᠯᠤᠭ᠎ᠠ᠂ ᠠᠷᠪᠠᠨ ᠲᠦᠷᠪᠡ᠂ ᠲᠦᠴᠢ ᠶᠢᠰᠤ᠂ ᠵᠠᠭᠤ ᠬᠤᠨᠤᠭ ᠤᠨ ᠠᠯᠢ ᠨᠢᠭᠡᠨ ᠡᠳᠦᠷ ᠲᠤ ᠨᠢ ᠲᠤᠭᠢᠶᠠᠯᠳᠤᠨ᠎ᠡ ᠭᠡᠳᠡᠭ᠃ ᠰᠦᠨᠡᠰᠤᠨ ᠤ ᠡᠷᠭᠢᠯᠳᠡ ᠶᠢᠨ ᠡᠳᠦᠷ ᠦᠷ᠎ᠡ ᠭᠡᠦᠭᠡᠳ ᠨᠢ ᠢᠷᠦᠭᠡᠯ ᠤᠡᠭᠰᠢᠭᠤᠯᠪᠠᠯ᠂ ᠰᠦᠨᠡᠰᠤ ᠨᠢ ᠪᠠᠶᠠᠰᠤᠭᠠᠳ ᠶᠠᠪᠤᠨ᠎ᠡ ᠭᠡᠳᠡᠭ᠃ ᠰᠥᠨᠠᠰᠤ ᠮᠥᠷ ᠵᠢᠭᠠᠭᠰᠠᠨ ᠯᠠᠮᠠ ᠠᠴᠠ ᠨᠥᠭᠴᠢᠭᠰᠡᠳ ᠤᠨ ᠰᠥᠨᠠᠰᠤ ᠨᠢ ᠶᠠᠮᠠᠷ ᠠᠶᠢᠯ ᠳᠤ ᠲᠦᠷᠦᠯ ᠤᠯᠤᠯ᠎ᠡ ᠭᠡᠵᠤ ᠭᠡᠯᠡᠵᠤ ᠦᠭᠳᠡᠭ᠃ ᠨᠦᠭᠴᠢᠭᠰᠡᠳ ᠤᠨ ᠦᠷ᠎ᠡ ᠭᠡᠦᠭᠡᠳ ᠨᠢ ᠯᠠᠮᠠ ᠶᠢᠨ ᠠᠶᠢᠯᠠᠳᠤᠬᠰᠠᠨ ᠢ ᠦᠨᠳᠦᠰᠦᠯᠡᠵᠤ᠂ ᠡᠴᠢᠭᠡ ᠡᠭᠡ ᠶᠢᠨ ᠢᠶᠠᠨ ᠬᠠᠮᠢᠭ᠎ᠠ ᠲᠦᠷᠦᠯ ᠤᠯᠤᠬᠰᠠᠨ ᠢ ᠮᠡᠳᠡᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号