ᠪᠦᠬᠡ ᠵᠢᠷᠭᠠᠭᠠᠬᠤ
ᠨᠡᠶᠢᠲᠡᠯᠡᠭᠰᠡᠨ ᠴᠠᠭ᠄
2020/8/11
  ᠡᠨᠡ ᠭᠦ ᠶᠤᠰᠤᠯᠠᠯ ᠨᠢ ᠨᠠᠶᠢᠷ ᠤᠨ ᠲᠡᠭᠦᠰᠬᠡᠯ ᠤᠨ ᠦᠶᠡᠰ ᠲᠤ ᠲᠤᠰ ᠤᠲᠠᠭᠠᠨ ᠤ ᠨᠠᠭᠠᠲᠤᠮ ᠨᠠᠷᠠ ᠰᠢᠭ᠋ ᠰᠠᠶᠢᠬᠠᠨ ᠵᠢᠷᠭᠠᠵᠤ᠂ ᠲᠠᠷᠠᠭ᠎ᠠ ᠤᠲᠠᠭ᠎ᠠ ᠮᠦᠨ ᠨᠠᠷᠠᠨ ᠠᠲᠠᠯᠢ ᠮᠠᠨᠲᠤᠬᠤ ᠶᠢ ᠵᠦᠩᠨᠡᠭᠰᠡᠨ ᠠᠭᠤᠯᠭ᠎ᠠ ᠪᠦᠬᠦᠢ ᠶᠤᠰᠤᠯᠠᠯ᠃ ᠪᠦᠬᠡ ᠶᠢᠨ ᠤᠷᠡᠢ ᠭᠤᠷᠪᠠᠨᠲᠠ ᠬᠠᠩᠬᠢᠨᠠᠨ ᠲᠠᠭᠤᠷᠢᠰᠤᠭᠠᠳ ᠡᠬᠢᠯᠡᠬᠦ ᠳᠤ ᠲᠠᠷᠬᠠᠨ ᠬᠤᠶᠠᠷ ᠪᠦᠬᠡ ᠦᠪᠴᠢ ᠵᠤᠳᠤᠭᠯᠠᠨ ᠨᠠᠶᠢᠷ ᠤᠨ ᠲᠠᠯᠠᠪᠠᠢ ᠳᠤ ᠮᠠᠭᠰᠢᠨ ᠲᠡᠪᠢᠵᠤ ᠤᠷᠤᠭᠠᠳ᠂ ᠦᠪᠡᠷ ᠦᠪᠡᠷ ᠤᠨ ᠮᠡᠭᠡ ᠮᠡᠷᠭᠡᠵᠢᠯ ᠢᠶᠠᠨ ᠬᠢᠵᠦ᠂ ᠠᠯᠢ ᠠᠯᠢᠨ ᠢᠶᠠᠨ ᠬᠠᠶᠠᠵᠤ ᠲᠡᠶᠢᠯᠬᠦ ᠦᠬᠡᠢ ᠪᠠᠶᠢᠲᠠᠯ ᠭᠠᠷᠭᠠᠨ ᠨᠤᠴᠤᠯᠲᠤᠬᠤ ᠳᠤ᠂ ᠵᠤᠳᠤᠭᠯᠠᠭᠰᠠᠨ ᠬᠤᠶᠠᠷ ᠵᠠᠯᠠᠭᠤ ᠪᠦᠬᠡ ᠤᠷᠤᠵᠤ᠂ ᠲᠤᠰ ᠲᠤᠰ ᠬᠤᠶᠡᠷ ᠲᠠᠷᠬᠠᠨ ᠪᠦᠬᠡ ᠶᠢᠨ ᠠᠷᠤ ‍ᠠᠴᠠ ᠨᠢ ᠲᠡᠪᠡᠷᠢᠨ ᠬᠤᠶᠠᠷ ᠲᠡᠰᠢ ᠰᠠᠯᠭᠠᠭᠠᠳ᠂ ᠬᠤᠶᠠᠷ ᠭᠠᠷᠯᠠᠭᠰᠠᠨ ᠪᠦᠬᠡᠴᠤᠳ ᠤᠨ ᠲᠡᠭᠡᠳᠤ ᠲᠠᠯ᠎ᠠ ᠳᠤ ᠰᠠᠭᠤᠯᠭᠠᠬᠤ ᠶᠤᠰᠤᠯᠠᠯ ᠶᠠᠪᠤᠭᠤᠯᠳᠠᠭ᠃ ᠵᠠᠷᠢᠮ ᠨᠠᠶᠢᠷ ᠲᠤ ᠮᠦᠨ ᠡᠬᠦᠨ ᠲᠠᠢ ᠠᠳᠠᠯᠢᠬᠠᠨ ᠢᠶᠠᠷ ᠶᠤᠰᠤᠯᠠᠯ ᠡᠬᠢᠯᠡᠬᠦ ᠦᠶ᠎ᠡ ᠳᠤ ᠶᠠᠪᠤᠭᠲᠠᠭᠤᠯᠲᠠᠭ᠃ ᠡᠬᠦᠨ ᠢ ᠪᠦᠬᠡ ᠪᠠᠳᠠᠷᠠᠭᠤᠯᠬᠤ ᠪᠤᠶᠤ ᠨᠠᠶᠢᠷ ᠰᠡᠷᠬᠦᠬᠡᠬᠦ ᠭᠡᠲᠡᠭ᠃ ᠪᠠᠭᠠᠷᠢᠨ᠂ ᠠᠷᠤ ᠬᠤᠷᠴᠢᠨ ᠵᠡᠷᠭᠡ ᠨᠤᠲᠤᠭ ᠤᠨ ᠪᠦᠬᠡ ᠪᠠᠷᠢᠯᠲᠤᠭᠠᠨ ᠳᠤ ᠡᠨᠡ ᠭᠦ ᠦᠪᠡᠷᠮᠢᠴᠡ ᠵᠠᠩᠰᠢᠯ ᠬᠠᠳᠠᠭᠠᠯᠠᠭᠳᠠᠭᠰᠠᠭᠠᠷ ᠪᠤᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号