ᠮᠤᠩᠭᠤᠯ ᠰᠢᠳᠠᠷ᠎ᠠ
ᠨᠡᠶᠢᠲᠡᠯᠡᠭᠰᠡᠨ ᠴᠠᠭ᠄
2020/8/18
      ᠮᠤᠩᠭᠤᠯ ᠰᠢᠳᠡᠷ᠎ᠠ ᠪᠤᠯ ᠮᠤᠩᠭᠤᠯ ᠥᠨᠳᠥᠰᠥᠳᠠᠨ ᠤ ᠭᠥᠯᠭᠡᠳᠥ ᠲᠤᠭᠯᠠᠭᠠᠮ ᠤᠨ ᠨᠢᠭᠡ ᠵᠥᠢᠯ᠃ ᠮᠤᠩᠭᠤᠯᠴᠤᠳ ᠡᠷᠳᠠᠨ ‍ᠠᠴᠠ ︽ᠨᠠᠭᠠᠳᠣᠮ ᠤᠨ ᠲᠡᠭᠡᠳᠥ ᠨᠠᠢᠮᠠᠨ ᠭᠥᠯᠳᠥ ᠰᠢᠳᠡᠷ᠎ᠠ︾ ᠭᠡᠵᠤ ᠡᠷᠭᠢᠮᠯᠠᠨ ᠥᠵᠡᠵᠥ᠂ ᠭᠥᠮᠥᠨ ᠠᠷᠠᠳ ᠤᠨ ᠤᠶᠤᠨ ᠢ ᠭᠥᠭᠵᠢᠭᠡᠵᠥ᠂ ᠭᠡᠥᠭᠡᠳ ᠪᠠᠭᠠᠴᠤᠳ ᠤᠨ ᠪᠢᠯᠢᠭ ᠢ ᠨᠡᠭᠡᠭᠡᠭᠳᠡᠭᠦᠯᠭᠦ ᠳᠤ ᠤᠯᠠᠨ ᠵᠠᠭᠤᠨ ᠵᠢᠯ ᠠᠰᠢᠭᠯᠠᠭᠰᠠᠭᠠᠷ ᠢᠷᠠᠵᠠᠢ᠃ ︽ᠬᠤᠷᠢᠨ ᠨᠢᠭᠡᠳᠥ ᠲᠠᠶᠢᠯᠪᠤᠷᠢ ᠲᠤᠯᠢ︾ ᠳᠤ᠂ ︽ᠶᠠᠰᠣᠨ ᠮᠤᠳᠣᠨ ᠵᠡᠷᠭᠡ ᠶᠠᠭᠤᠮ᠎ᠠ ᠪᠠᠷ ᠲᠥᠭᠦᠷᠢᠭ ᠬᠠᠪᠳᠠᠭᠠᠢ ᠪᠤᠯᠭᠠᠨ ᠡᠷᠭᠢᠭᠦᠯᠳᠡᠵᠥ ᠤᠯᠠᠭᠠᠨ ᠬᠠᠷ᠎ᠠ ᠬᠤᠶᠠᠷ ᠵᠥᠢᠯ ᠢᠶᠠᠷ ᠪᠤᠳᠤᠮᠣᠢ ᠃ ᠪᠥᠭᠦᠳᠡ ᠭᠤᠴᠢᠨ ᠬᠤᠶᠠᠷ᠃ ᠬᠤᠶᠠᠷ ᠭᠥᠮᠥᠨ ᠨᠢᠵᠡᠭᠡᠳ ᠵᠥᠢᠯ ᠡᠵᠡᠯᠡᠵᠥ᠂ ᠭᠥᠯᠭᠡ ᠳᠤᠷ ᠵᠢᠬᠰᠠᠭᠠᠵᠤ ᠲᠠᠶᠢᠯᠭᠦ ᠲᠠᠶᠢᠯᠥᠭᠳᠡᠭᠦ ᠶᠢ ᠮᠠᠯᠵᠢᠭᠡᠴᠢᠨ ᠨᠠᠭᠠᠳᠬᠤᠢ ᠶᠢ ᠢᠨᠥ ᠰᠢᠳᠠᠷ᠎ᠠ ᠭᠡᠮᠡᠮᠤᠢ︾ ᠭᠡᠰᠡᠨ ᠪᠠ ︽ᠬᠤᠷᠢᠨ ᠨᠠᠢᠮᠠᠳᠤ ᠲᠠᠶᠢᠯᠪᠤᠷᠢ ᠲᠤᠯᠢ︾ ᠳᠤ᠂ ︽ᠬᠤᠶᠠᠷ ᠭᠥᠮᠥᠨ ᠮᠥᠷᠦ᠋ᠢᠴᠡᠨ ᠨᠠᠭᠠᠳᠬᠤ ᠶᠢ ᠰᠢᠳᠡᠷ᠎ᠠ ᠭᠡᠮᠡᠮᠤᠢ᠃ ᠲᠡᠭᠦᠨ ᠤ ᠪᠠᠶᠢᠳᠠᠯ ᠠᠨᠤ ᠲᠡᠷᠢᠭᠦᠯᠡᠭᠴᠢ ᠨᠤᠶᠠᠨ ᠭᠡᠮᠡᠭᠦ ᠪᠠ ᠲᠡᠰᠯᠡᠭᠴᠢ ᠪᠡᠷᠰᠡ ᠭᠡᠮᠡᠭᠦ ᠢᠨᠥ ᠲᠤᠰᠪᠤᠷᠢ ᠨᠢᠵᠡᠭᠡᠳ ᠪᠤᠢ᠃ ᠲᠡᠮᠡᠭᠡ᠂ ᠮᠤᠷᠢ᠂ ᠲᠡᠷᠭᠡ ᠢᠨᠥ ᠬᠤᠰᠢᠶᠠᠳ ᠪᠤᠢ᠃ ᠲᠡᠳᠠᠨ ᠤ ᠡᠮᠥᠨ᠎ᠠ ᠪᠥᠷᠢ ᠳᠤ ᠭᠥᠪᠡᠭᠦᠨ ᠭᠡᠮᠡᠭᠦ ᠢᠨᠥ ᠨᠢᠵᠡᠭᠡᠳ᠂ ᠨᠢᠭᠡ ᠨᠢᠭᠡᠨ ᠲᠠᠯ᠎ᠠ ᠶᠢᠨ ᠠᠷᠪᠠᠨ ᠵᠢᠷᠭᠤᠭ᠎ᠠ᠂ ᠨᠠᠶᠢᠳᠡ ᠭᠤᠴᠢᠨ ᠬᠤᠶᠠᠷ ᠢ ᠵᠢᠷᠠᠨ ᠲᠥᠷᠪᠡᠨ ᠬᠤᠪᠢᠶᠠᠷᠢᠳᠥ ᠭᠥᠯᠭᠡ ᠲᠡᠭᠡᠷ᠎ᠠ ᠬᠤᠶᠠᠷ ᠡᠳᠡᠭᠡᠳ ᠢᠶᠠᠷ ᠠᠩᠭᠢᠯᠠᠨ ᠵᠢᠬᠰᠠᠭᠠᠵᠤ᠂ ᠲᠤᠰ ᠪᠥᠷᠢ ᠶᠢᠨ ᠭᠥᠯ ᠢᠶᠠᠷ ᠬᠠᠷᠢᠯᠴᠠᠨ ᠨᠡᠭᠦᠯᠭᠡᠵᠥ᠂ ᠥᠮᠥᠭᠯᠡᠭᠦ᠂ ᠰᠠᠭᠢᠬᠤ᠂ ᠥᠳᠥᠭᠡᠭᠦ᠂ ᠡᠵᠡᠯᠡᠭᠦ ᠵᠡᠷᠭᠡ ᠪᠠᠶᠢᠯᠳᠥᠭᠠᠨ ᠤ ᠶᠣᠰᠤᠭᠠᠷ ᠲᠠᠮᠡᠴᠠᠯᠳᠥᠭᠰᠡᠭᠡᠷ ᠲᠠᠶᠢᠯᠥᠨ ᠲᠠᠶᠢᠯᠥᠭᠳᠡᠭᠦ ᠶᠢ ᠰᠢᠯᠭᠠᠮᠤᠢ︾ ᠭᠡᠵᠥ ᠲᠠᠶᠢᠯᠪᠤᠷᠢᠯᠠᠨ ᠲᠠᠮᠳᠡᠭᠯᠠᠵᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号