﹇ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠰᠢᠢᠳᠪᠦᠷᠢᠳᠤ ᠳᠠᠶᠢᠯᠠᠯᠳᠤᠭᠠᠨ ᠬᠢᠵᠤ  ᠰᠢᠢᠳᠪᠦᠷᠢᠳᠤ ᠢᠯᠠᠯᠲᠠ ᠶᠢ ᠤᠯᠤᠶ᠎ᠠ﹈ ᠬᠥᠨᠳᠡᠯᠡᠨ ᠲᠣᠭᠤᠷᠢᠭ ︽  ᠤᠨᠢᠨ ᠲᠡᠭᠡᠷ᠎ᠡ ᠨᠢ ᠬᠠᠪᠰᠤᠷᠤᠨ ᠲᠡᠳᠬᠦᠵᠦ  ᠴᠢᠨᠡᠭᠡᠯᠢᠭᠵᠢᠯ ᠤᠨ ᠬᠦᠰᠡᠯ ᠵᠡᠭᠦᠳᠦ ᠪᠠᠨ ᠲᠡᠷᠬᠡᠯᠰᠢᠬᠦᠯᠦᠶ᠎ᠡ︾ ᠭᠤᠤᠯ ᠰᠡᠳᠦᠪᠲᠦ ᠤᠳᠬ᠎ᠠ ᠤᠷᠠᠯᠢᠭ ᠤᠨ ᠦᠳᠡᠰᠢᠯᠡᠭᠡ ᠡᠷᠬᠢᠯᠡᠪᠡ
ᠨᠡᠶᠢᠲᠡᠯᠡᠭᠰᠡᠨ ᠴᠠᠭ᠄
2020/8/20
    ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠵᠤ ᠰᠢᠷᠭᠠᠭᠤ ᠬᠦᠳᠡᠯᠮᠦᠷᠢ ᠪᠠᠷ ᠪᠠᠶᠠᠵᠢᠨ ᠴᠢᠨᠡᠭᠡᠯᠢᠭᠵᠢᠨ᠎ᠡ᠃ 8 ᠰᠠᠷ᠎ᠠ ᠶᠢᠨ 18᠎ ᠤ ᠤᠷᠤᠢ᠂ ᠬᠥᠨᠳᠡᠯᠡᠨ ᠲᠣᠭᠤᠷᠢᠭ ᠤᠨ ︽ᠤᠨᠢᠨ ᠲᠡᠭᠡᠷ᠎ᠡ ᠨᠢ ᠬᠠᠪᠰᠤᠷᠤᠨ ᠲᠡᠳᠬᠦᠵᠦ ᠴᠢᠨᠡᠭᠡᠯᠢᠭᠵᠢᠯ ᠤᠨ ᠬᠦᠰᠡᠯ ᠵᠡᠭᠦᠳᠦ ᠪᠠᠨ ᠲᠡᠷᠬᠡᠯᠰᠢᠬᠦᠯᠦᠶ᠎ᠡ︾ ᠭᠤᠤᠯ ᠰᠡᠳᠦᠪᠲᠦ ᠤᠳᠬ᠎ᠠ ᠤᠷᠠᠯᠢᠭ ᠤᠨ ᠦᠳᠡᠰᠢᠯᠡᠭᠡ ᠠᠷᠠᠳ ᠤᠨ ᠠᠭᠤᠳᠠᠮ ᠲᠠᠯᠠᠪᠠᠢ ᠳᠤ ᠶᠠᠪᠤᠭᠳᠠᠪᠠ᠃    ᠲᠤᠭᠤᠷᠢᠭ ᠤᠨ ᠨᠠᠮ ᠤᠨ ᠬᠤᠷᠢᠶᠠᠨ ᠤ ᠱᠦᠵᠢ ᠯᠢᠶᠠᠨ ᠳ᠋ᠦᠩ᠂ ᠲᠤᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ᠂ ᠲᠣᠭᠤᠷᠢᠭ ᠤᠨ ᠣᠷᠣᠯᠠᠭᠴᠢ ᠳᠠᠷᠤᠭ᠎ᠠ ᠳ᠋ᠢᠩ ᠺᠠᠶ᠂ ᠬᠤᠲᠠ ᠶᠢᠨ ᠶᠠᠳᠠᠭᠤ ᠶᠢ ᠲᠡᠳᠬᠦᠬᠦ ᠠᠯᠪᠠᠨ ᠭᠡᠷ ᠤᠨ ᠳᠡᠳ᠋ ᠡᠷᠬᠢᠯᠡᠭᠴᠢ ᠵᠤᠤ ᠶᠦᠩ ᠱᠧᠩ᠂ ᠲᠤᠭᠤᠷᠢᠭ ᠤᠨ ᠤᠳᠤᠷᠢᠳᠤᠯᠭ᠎ᠠ ᠸᠠᠩ ᠶᠦᠩ ᠱᠧᠩ᠂ ᠦ᠋ ᠸᠧᠨ ᠴᠢᠩ᠂ ᠯᠢᠦ ᠰᠢᠶᠤᠤ ᠫᠢᠩ᠂ ᠰᠢᠤᠢ ᠶᠸᠤ ᠴᠢᠩ᠂ ᠱᠸᠦ ᠯᠠᠨ ᠯᠠᠨ᠂ ᠵᠤᠤ ᠵᠢᠶᠦ᠋ᠨ ᠺᠠᠩ᠂ ᠯᠢᠦ ᠴᠢᠶᠠᠨ ᠶᠢᠨ᠂ ᠯᠢ ᠴᠠᠩ ᠮᠤᠤ᠂ ᠸᠠᠩ ᠶᠦᠩ ᠰᠢᠶᠠᠩ᠂ ᠭᠤᠤ ᠢᠦᠢ᠂ ᠸᠠᠩ ᠰᠢᠤᠸᠠᠢ ᠵᠢᠶᠦ᠋ᠨ᠂ ᠵᠤᠤ ᠲᠠᠢ ᠰᠢᠶᠠᠨ᠂ ᠾᠧ ᠵᠢᠶᠦ᠋ᠨ᠂ ᠵᠤᠤ ᠳ᠋ᠠᠨ ᠮᠧᠢ᠂ ᠯᠢᠦ ᠹᠧᠩ ᠦᠳᠡᠰᠢᠯᠡᠭᠡ ᠳᠤ ᠣᠷᠣᠯᠴᠠᠪᠠ᠃    ᠦᠳᠡᠰᠢᠯᠡᠭᠡ ᠨᠢ ᠪᠥᠵᠢᠭ ︽ᠪᠠᠳᠠᠷᠠᠯᠲᠤ ᠴᠠᠭ ᠪᠠᠭ᠋ᠠᠳᠤᠯᠳᠤ ᠳᠠᠭᠤᠤ︾ ᠳᠤᠮᠳᠠ ᠬᠥᠰᠢᠭᠡ ᠪᠠᠨ ᠰᠡᠬᠦᠵᠦ᠂ 20 ᠭᠠᠷᠤᠶ ᠪᠥᠵᠢᠭᠴᠢᠨ ᠲᠡᠪᠬᠡᠷᠦᠨ ᠪᠦᠵᠢᠭᠯᠡᠵᠤ ᠢᠳᠡᠷᠡᠬᠦᠨ ᠬᠦᠴᠦᠳᠡᠢ ᠠᠯᠬᠤᠭ᠎ᠠ ᠨᠢ ᠪᠦᠬᠦ ᠲᠤᠭᠤᠷᠢᠭ ᠤᠨ  ᠠᠷᠠᠳ ᠲᠦᠮᠡᠨ ᠤ ᠡᠷᠡᠯᠬᠡᠭᠯᠡᠨ ᠤᠷᠤᠭᠰᠢᠯᠠᠬᠤ ᠵᠣᠷᠢᠭ ᠰᠠᠨᠠᠭᠠᠨ ᠤ ᠳᠦᠷᠰᠦ ᠪᠠᠶᠢᠳᠠᠯ ᠢ ᠢᠯᠡᠷᠡᠬᠦᠯᠦᠨ᠎ᠡ᠂ ᠲᠣᠭᠯᠠᠯᠲᠠ ᠡᠬᠢᠯᠡᠮᠡᠭᠴᠡ ᠲᠠᠯᠠᠪᠠᠢ ᠳᠠᠶᠠᠭᠠᠷ ᠨᠢᠵᠢᠭᠢᠨᠡᠲᠡᠯ᠎ᠡ ᠠᠯᠠᠭ᠎ᠠ ᠲᠠᠰᠢᠪᠠ᠃ ᠪᠠᠷᠠᠭᠤᠨ ᠤᠷᠤᠨ ᠤ ᠡᠷᠡᠭᠲᠡᠶ ᠶᠢᠨ ᠰᠤᠩᠭᠤᠳᠠᠭ ᠭᠤᠴᠣᠯᠠᠯ ᠳᠠᠭᠤᠤ ᠨᠤᠭᠤᠳ ᠨᠢ ᠨᠡᠩ ᠴᠤ ᠢᠷᠠᠭᠤ ᠭᠤᠶᠢᠳᠠ ᠪᠠᠶᠢᠯ᠎ᠠ᠃  ᠲᠠᠭᠤᠯᠠᠵᠤ ᠲᠠᠭᠤᠯᠠᠵᠤ ᠪᠠᠶᠢᠬᠰᠠᠭᠠᠷ ᠰᠣᠩᠭᠤᠳᠠᠭ ᠳᠠᠭᠤᠤ ᠶᠢᠨ ᠪᠠᠳᠠᠭ ᠨᠢ ᠲᠤᠬᠠᠶ ᠶᠢᠨ ᠲᠠᠯᠠᠪᠠᠶ ᠶᠢᠨ ᠦᠵᠡᠭᠴᠢᠳ ᠤᠨ ᠨᠠᠶᠢᠷᠠᠯ ᠳᠠᠭᠤᠤ ᠪᠣᠯᠪᠠ᠃ ᠡᠮᠡᠭᠲᠡᠶᠢᠴᠦᠳ ᠤᠨ ᠭᠤᠴᠣᠯᠠᠯ ᠳᠠᠭᠤᠤ ︽ᠤᠨᠢᠨ ᠳᠡᠭᠡᠷ᠎ᠡ ᠨᠢ ᠶᠠᠳᠠᠭᠤ ᠶᠢ ᠲᠡᠳᠬᠦᠬᠦ ᠨᠢ ᠣᠷᠴᠢᠯᠠᠩ ᠢ ᠲᠤᠯᠠᠭᠠᠴᠠᠭᠤᠯᠤᠨ᠎ᠠ︾᠂ ᠬᠥᠭᠵᠢᠮ ᠲᠠᠭᠠᠷᠠᠭᠤᠯᠤᠭᠰᠠᠨ ᠰᠢᠯᠦᠭ ︽ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠳᠤ ᠢᠳᠡᠷᠡᠭᠦᠨ ᠤᠷᠤᠭᠰᠢᠯᠠᠶ᠎ᠠ︾᠎ ᠨᠢ ᠤᠷᠠᠯᠢᠭ ᠤᠨ ᠢᠯᠡᠳᠬᠡᠬᠦ ᠠᠷᠭ᠎ᠠ ᠪᠠᠷ ᠬᠥᠨᠳᠡᠯᠡᠨ ᠲᠣᠭᠤᠷᠢᠭ ᠤᠨ ᠦᠨᠳᠦᠰᠦᠨ ᠱᠠᠲᠤᠨ ᠤ ᠺᠠᠳ᠋ᠷ ᠪᠣᠯᠤᠨ  ᠬᠦᠴᠢᠷᠳᠡᠯᠳᠡᠢ ᠣᠯᠠᠨ ᠲᠦᠮᠡᠨ ᠢ ᠬᠠᠮᠳᠤᠪᠠᠷ ᠲᠡᠮᠡᠴᠡᠭᠰᠡᠨ ᠣᠶᠤᠨ ᠰᠠᠨᠠᠭᠠᠨ ᠤ ᠳᠦᠷᠰᠦ ᠪᠠᠶᠢᠳᠠᠯ ᠢ ᠠᠮᠢᠳᠤᠯᠢᠭ ᠢᠶᠠᠷ ᠢᠯᠡᠷᠡᠭᠦᠯᠵᠡᠶ᠃ ᠱᠤᠭ ᠵᠦᠴᠦᠭᠡ ︽ᠶᠠᠳᠠᠭᠤ ᠶᠢ ᠲᠡᠳᠬᠦᠭᠰᠡᠨ ᠠᠬᠠᠮᠠᠳ ᠠᠵᠢᠯᠳᠠᠨ︾  ᠎ ᠳᠠᠬᠢ ᠶᠠᠳᠠᠭᠤ ᠶᠢ ᠲᠡᠳᠬᠦᠭᠰᠡᠨ ᠦᠯᠢᠭᠡᠷ ᠨᠢ ᠠᠬᠤᠢ ᠲᠡᠯᠡᠪᠡᠢ ᠎ ᠳᠠᠬᠢ ᠬᠦᠮᠦᠨ ᠨᠢᠬᠡᠪᠦᠷᠢ ᠶᠢᠨ ᠰᠡᠳᠬᠢᠯ ᠢ ᠲᠤᠬᠳᠤᠯᠤᠭᠤᠯᠤᠨ᠎ᠠ᠃ ᠲᠣᠭᠯᠠᠭᠴᠢᠳ ᠣᠮᠤᠭ ᠪᠠᠭ᠋ᠠᠳᠤᠮ᠎ᠠ ᠳᠠᠭᠤᠤ᠂ ᠢᠷᠠᠭᠤ ᠰᠠᠶᠢᠬᠠᠨ ᠪᠥᠵᠢᠭ ᠤᠨ  ᠬᠦᠳᠡᠯᠦᠯ᠂  ᠴᠢᠩ ᠦᠨᠡᠨ ᠰᠡᠳᠬᠢᠯᠭᠡ  ᠪᠦᠬᠦᠢ ᠲᠣᠭᠯᠠᠯᠲᠠ ᠪᠠᠷ ᠬᠥᠨᠳᠡᠯᠡᠨ ᠲᠣᠭᠤᠷᠢᠭ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠲᠥᠷᠥ ᠶᠢᠨ ᠪᠣᠳᠣᠯᠭ᠎ᠠ ᠶᠢ ᠤᠬᠠᠭᠤᠯᠵᠤ᠂ ᠤᠨᠢᠨ ᠲᠡᠭᠡᠷ᠎ᠡ ᠨᠢ ᠢᠯᠭᠠᠨ ᠲᠠᠨᠢᠵᠤ᠂ ᠤᠨᠢᠨ ᠲᠡᠭᠡᠷ᠎ᠡ ᠨᠢ ᠬᠠᠪᠰᠤᠷᠤᠨ ᠲᠡᠳᠬᠦᠬᠦ ᠵᠡᠷᠭᠡ ᠲᠠᠯ᠎ᠠ ᠶᠢᠨ ᠠᠷᠭ᠎ᠠ ᠬᠡᠮᠵᠢᠶ᠎ᠡ ᠪᠠ ᠦᠷ᠎ᠡ ᠪᠦᠲᠦᠮᠵᠢ ᠶᠢ ᠦᠨᠡᠨ ᠪᠣᠳᠠᠲᠠᠶ ᠲᠤᠰᠬᠠᠵᠤ᠂ ᠪᠦᠬᠦ ᠲᠤᠭᠤᠷᠢᠭ ᠤᠨ ᠠᠷᠠᠳ ᠲᠦᠮᠡᠨ ᠤ ᠶᠠᠳᠠᠭᠤ ᠠᠴᠠ ᠠᠩᠭᠢᠵᠢᠷᠠᠨ ᠴᠢᠨᠡᠭᠡᠯᠢᠭᠵᠢᠬᠦ ᠡᠷᠡᠰ ᠪᠠᠲᠤ ᠢᠲᠡᠭᠡᠯ ᠵᠣᠷᠢᠭ ᠪᠠ ᠪᠠᠶᠠᠰᠤᠩᠭᠤᠢ ᠵᠣᠷᠢᠭ ᠰᠠᠨᠠᠭ᠎ᠠ ᠶᠢ ᠢᠯᠡᠷᠡᠭᠦᠯᠵᠡᠢ᠃
 
ᠢᠷᠡᠯᠲᠡ᠄ ᠬᠦᠨᠳᠡᠯᠡᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号