ᠪᠤᠭᠤ ᠶᠢᠨ ᠵᠢᠷᠭᠢᠭᠡ
ᠨᠡᠶᠢᠲᠡᠯᠡᠭᠰᠡᠨ ᠴᠠᠭ᠄
2020/8/24
     ᠪᠠᠰᠠ ᠪᠤᠭᠤ ᠭᠡᠵᠥ ᠴᠤ ᠭᠡᠯᠡᠳᠡᠭ᠃ ᠨᠠᠯᠢᠶᠠᠳ ᠲᠥᠭᠡᠮᠠᠯ ᠲᠠᠯᠭᠡᠷᠡᠭᠰᠡᠨ ᠨᠢ ᠬᠤᠷᠢᠨ ᠲᠥᠷᠪᠡᠨ ᠪᠤᠭᠤ ᠶᠢᠨ ᠵᠢᠷᠭᠢᠭᠡ᠂ ᠵᠢᠷᠠᠨ ᠲᠥᠷᠪᠡᠨ ᠪᠤᠭᠤ ᠶᠢᠨ ᠵᠢᠷᠭᠢᠭᠡ᠂ ᠶᠠᠷᠠᠨ ᠵᠢᠷᠭᠤᠭᠠᠨ ᠪᠤᠭᠤ ᠶᠢᠨ ᠵᠢᠷᠭᠢᠭᠡ ᠪᠤᠯᠤᠨ᠎ᠠ᠃ ᠪᠤᠭᠤ ᠶᠢᠨ ᠵᠢᠷᠭᠢᠭᠡ ᠶᠢᠨ ᠲᠤᠳᠤᠷ᠎ᠠ ᠬᠠᠮᠤᠭ ᠤᠨ ᠥᠷᠭᠡᠨ ᠭᠡᠪᠴᠢᠶ᠎ᠠ ᠲᠠᠢ ᠤᠯᠠᠮᠵᠢᠯᠠᠭᠳᠠᠭᠰᠠᠨ ᠨᠢ ᠬᠤᠷᠢᠨ ᠲᠥᠷᠪᠡᠨ ᠪᠤᠭᠤ ᠶᠢᠨ ᠵᠢᠷᠭᠢᠭᠡ ᠶᠤᠮ᠃ ᠲᠡᠭᠦᠨ ᠤ ᠭᠥᠯᠭᠡ ᠨᠢ ᠲᠡᠭᠰᠢ ᠲᠥᠷᠪᠡᠯᠵᠢᠨ ᠭᠡᠯᠪᠡᠷᠢᠳᠠᠢ᠃ ᠠᠷᠪᠠᠨ ᠵᠢᠷᠭᠤᠭᠠᠨ ᠲᠥᠷᠪᠡᠯᠵᠢᠨ ᠴᠤᠩᠬᠤ ᠶᠢ ᠵᠢᠰᠢᠭᠦᠯᠵᠢᠨ ᠤᠭᠳᠤᠯᠤᠯᠴᠠᠭᠰᠠᠨ ᠭᠤᠷᠪᠠᠨ ᠤᠳᠠᠰᠤ ᠪᠠᠷ ᠬᠤᠪᠢᠶᠠᠵᠤ᠂ ᠬᠤᠷᠢᠨ ᠲᠥᠷᠪᠡᠨ ᠴᠡᠭ ᠢᠶᠠᠷ ᠪᠥᠷᠢᠯᠳᠥᠳᠡᠭ ᠪᠠ ᠡᠰᠡᠷᠭᠦ ᠬᠤᠶᠠᠷ ᠲᠠᠯ᠎ᠠ ᠳᠤ ᠵᠢᠰᠢᠭᠦᠯᠵᠢᠨ ᠤᠭᠳᠤᠯᠤᠭᠠᠰᠤ ᠶᠢᠨ ᠥᠷᠭᠦᠯᠵᠢᠯᠡᠯ ᠢᠶᠠᠷ ᠲᠤᠰ ᠪᠥᠷᠢ ᠨᠢᠭᠡ ᠵᠢᠵᠢᠭ ᠲᠡᠭᠰᠢ ᠲᠥᠷᠪᠡᠯᠵᠢᠨ ᠵᠢᠷᠥᠵᠥ᠂ ᠲᠥᠷᠪᠡᠨ ᠥᠨᠴᠥᠭ ᠢ ᠨᠢ ᠬᠤᠯᠪᠤᠭᠠᠳ ᠠᠭᠤᠯᠨ ᠭᠡᠵᠥ ᠨᠠᠷᠠᠯᠡᠳᠡᠭ᠃     ᠪᠤᠭᠤ ᠶᠢᠨ ᠵᠢᠷᠭᠢᠭᠡ ᠶᠢ ᠬᠤᠶᠠᠷ ᠭᠥᠮᠥᠨ ᠨᠠᠭᠠᠳᠬᠤ ᠳᠤ ᠪᠠᠨ ᠨᠢᠭᠡ ᠨᠢ ᠬᠤᠷᠢᠨ ᠲᠥᠷᠪᠡᠨ ᠨᠤᠬᠠᠢ ︵ᠴᠢᠯᠠᠭᠤ᠂ ᠱᠠᠭ᠎ᠠ ᠵᠠᠷᠭᠡ ᠪᠠᠷ ᠤᠷᠤᠯᠠᠭᠤᠯᠳᠠᠭ︶ ᠠᠪᠴᠤ᠂ ᠨᠥᠭᠦᠭᠡ ᠨᠢ ᠬᠤᠶᠠᠷ ᠪᠤᠭᠤ ︵ᠨᠤᠬᠠᠢ ᠠᠴᠠ ᠢᠯᠭᠠᠭᠳᠠᠬᠤ ᠴᠢᠯᠠᠭᠤ᠂ ᠱᠠᠭ᠎ᠠ ᠵᠡᠷᠭᠡ︶ ᠠᠪᠳᠠᠭ᠃ ᠨᠤᠬᠠᠢ ᠠᠪᠤᠭᠰᠠᠨ ᠡᠳᠡᠭᠡᠳ ᠨᠢ ᠤᠷᠢᠳᠠᠪᠠᠷ ᠭᠥᠯᠭᠡ ᠶᠢᠨ ᠲᠤᠳᠤᠷ᠎ᠠ ᠤᠳᠠᠰᠤᠨ ᠤ ᠨᠠᠢᠮᠠᠨ ᠴᠡᠭ ᠲᠤ ᠲᠤᠰᠪᠤᠷᠢ ᠨᠢᠭᠡ ᠨᠤᠬᠠᠢ ᠥᠷᠥᠵᠥ᠂ ᠪᠤᠭᠤ ᠠᠪᠤᠭᠰᠠᠨ ᠡᠳᠡᠭᠡᠳ ᠨᠢ ᠬᠤᠶᠠᠷ ᠠᠭᠤᠯᠨ ᠶᠢᠨ ᠠᠮᠠᠨ ᠳᠤ ᠲᠤᠰᠪᠤᠷᠢ ᠨᠢᠭᠡ ᠪᠤᠭᠤ ᠪᠠᠨ ᠪᠠᠶᠢᠷᠢᠰᠢᠭᠤᠯᠳᠠᠭ᠃ ᠲᠡᠭᠡᠭᠡᠳ ᠪᠤᠭᠤ ᠠᠪᠤᠭᠰᠠᠨ ᠨᠢ ᠤᠷᠢᠳᠠᠪᠠᠷ ᠶᠠᠪᠤᠵᠤ᠂ ᠨᠤᠬᠠᠢ ᠶᠢᠨ ᠲᠡᠭᠡᠭᠦᠷ ᠥᠰᠥᠷᠴᠤ ᠭᠠᠷᠪᠠᠯ᠂ ᠨᠤᠬᠠᠢ ᠶᠢ ᠠᠯᠠᠭᠰᠠᠨ ᠳᠤ ᠲᠤᠭᠠᠴᠠᠵᠤ ᠭᠥᠯᠭᠡ ᠠᠴᠠ ᠪᠠᠭᠤᠯᠭᠠᠳᠠᠭ᠃ ᠵᠠᠷᠢᠮ ᠨᠤᠳᠤᠭ ᠲᠤ ᠪᠠᠰᠠ ᠢᠳᠡᠭᠦ ᠭᠡᠵᠥ ᠭᠡᠯᠡᠨ᠎ᠠ᠃ ᠨᠢᠭᠡ ᠡᠭᠡᠯᠵᠢᠨ ᠳᠤ ᠨᠢᠭᠡ ᠯᠠ ᠨᠤᠬᠠᠢ ᠲᠠᠯᠪᠢᠬᠤ ᠪᠥᠭᠡᠳ ᠭᠥᠯᠭᠡᠨ ᠳᠤ ᠠᠩᠬ᠎ᠠ ᠨᠠᠢᠮᠠ ᠶᠢ ᠥᠷᠥᠵᠥ᠂ ᠭᠠᠷ ᠲᠤ ᠥᠯᠡᠳᠡᠭᠰᠡᠨ ᠠᠷᠪᠠᠨ ᠵᠢᠷᠭᠤᠭ᠎ᠠ ᠪᠠᠨ ᠲᠠᠯᠪᠢᠵᠥ ᠪᠠᠷᠠᠪᠠᠯ᠂ ᠭᠥᠯᠭᠡᠨ ᠳᠤ ᠪᠠᠶᠢᠷᠢᠰᠢᠭᠤᠯᠤᠭᠰᠠᠨ ᠨᠤᠬᠠᠢ ᠪᠠᠨ ᠨᠢᠭᠡ ᠨᠢᠭᠡ ᠠᠯᠬᠤᠮ ᠢᠶᠠᠷ ᠰᠢᠯᠵᠢᠭᠦᠯᠥᠨ᠎ᠠ᠃ ᠪᠤᠭᠤ᠂ ᠨᠤᠬᠠᠢ ᠶᠢᠨ ᠲᠡᠭᠡᠭᠦᠷ ᠥᠰᠥᠷᠴᠤ ᠭᠠᠷᠤᠭᠠᠳ᠂ ᠭᠤᠷᠪᠠᠳᠡᠭᠢ ᠰᠠᠭᠤᠳᠠᠯ ᠰᠠᠭᠤᠪᠠᠯ᠂ ᠲᠠᠷᠠ ᠨᠤᠬᠠᠢ ᠶᠢ ᠠᠯᠠᠭᠳᠠᠭᠰᠠᠨ ᠪᠤᠶᠤ ᠢᠳᠡᠭᠳᠡᠭᠰᠡᠨ ᠢᠶᠠᠷ ᠪᠤᠳᠤᠵᠤ᠂ ᠭᠥᠯᠭᠡᠨ ᠠᠴᠠ ᠪᠠᠭᠤᠯᠭᠠᠳᠠᠭ ᠪᠤᠯᠬᠤᠷ᠂ ᠨᠤᠬᠠᠢ ᠪᠠᠨ ᠪᠠᠶᠢᠷᠢᠰᠢᠭᠤᠯᠬᠤ ᠳᠤ ᠪᠤᠭᠤ ᠶᠢᠨ ᠥᠰᠥᠷᠴᠤ ᠶᠠᠪᠤᠬᠤ ᠭᠥᠯ ᠢ ᠬᠠᠰᠢᠵᠤ ᠬᠤᠷᠢᠭᠯᠠᠬᠤ ᠳᠤ ᠭᠤᠤᠯ ᠠᠩᠬᠠᠷᠤᠯ ᠢᠶᠠᠨ ᠲᠠᠯᠪᠢᠵᠤ᠂ ᠠᠯᠬᠤᠮ ᠪᠥᠷᠢ ᠳᠤ ᠪᠤᠳᠤᠯ ᠲᠠᠢ᠂ ᠠᠯᠤᠰ ᠬᠤᠯᠨ ᠶᠢᠨ ᠬᠠᠷᠠᠯᠳᠠ ᠲᠠᠢ ᠶᠠᠪᠤᠬᠤ ᠶᠢ ᠴᠢᠬᠤᠯᠠᠴᠢᠯᠠᠳᠠᠭ᠃ ᠢᠡᠭᠭᠢᠭᠡᠳ ᠬᠠᠮᠤᠭ ᠰᠡᠭᠦᠯ ᠳᠤ ᠨᠢ ᠪᠤᠭᠤ ᠶᠢ ᠶᠠᠪᠤᠬᠤ ᠭᠠᠵᠡᠷ ᠥᠭᠡᠢ ᠪᠤᠯᠭᠠᠪᠠᠯ ᠢᠯᠠᠭᠰᠠᠨ ᠳᠤ ᠲᠤᠭᠠᠴᠠᠨ᠎ᠠ᠃ ᠭᠡᠷᠪᠠ ᠨᠤᠬᠠᠢ ᠪᠠᠨ ᠪᠠᠶᠢᠷᠢᠯᠠᠭᠤᠯᠬᠤ ᠳᠤ ᠠᠷᠪᠢᠨ ᠢᠳᠡᠭᠳᠡᠵᠤ᠂ ᠪᠤᠭᠤ ᠶᠢ ᠬᠤᠷᠢᠵᠤ ᠲᠠᠶᠢᠯᠭᠦ ᠥᠭᠡᠢ ᠪᠤᠯ ᠢᠯᠠᠭᠳᠠᠭᠰᠠᠨ ᠳᠤ ᠲᠤᠭᠠᠴᠠᠭᠳᠠᠨ᠎ᠠ᠃     ᠵᠢᠷᠠᠨ ᠲᠥᠷᠪᠡᠨ ᠪᠤᠭᠤ ᠶᠢᠨ ᠵᠢᠷᠭᠢᠭᠡ ᠪᠠ ᠶᠠᠷᠠᠨ ᠵᠢᠷᠭᠤᠭᠠᠨ ᠪᠤᠭᠤ ᠶᠢᠨ ᠵᠢᠷᠭᠢᠭᠡ ᠶᠢᠨ ᠨᠠᠭᠠᠳᠬᠤ ᠶᠤᠰᠤ ᠨᠢ ᠠᠳᠠᠯᠢ᠃ ᠬᠠᠷᠢᠨ ᠵᠢᠷᠠᠨ ᠲᠥᠷᠪᠡᠨ ᠪᠤᠭᠤ ᠶᠢᠨ ᠵᠢᠷᠭᠢᠭᠡ ᠨᠢ ᠲᠥᠷᠪᠡᠨ ᠪᠤᠭᠤ᠂ ᠵᠢᠷᠠᠨ ᠲᠥᠷᠪᠡᠨ ᠨᠤᠬᠠᠢ ᠲᠠᠢ ᠪᠠ ᠶᠠᠷᠠᠨ ᠵᠢᠷᠭᠤᠭᠠᠨ ᠪᠤᠭᠤ ᠶᠢᠨ ᠵᠢᠷᠭᠢᠭᠡ ᠨᠢ ᠨᠠᠢᠮᠠᠨ ᠪᠤᠭᠤ᠂ ᠶᠠᠷᠠᠨ ᠵᠢᠷᠭᠤᠭᠠᠨ ᠨᠤᠬᠠᠢ ᠲᠠᠢ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号