ᠱᠠᠭ᠎ᠠ ᠪᠠᠷ ᠷᠢᠳᠢ ᠰᠢᠳᠢ ᠶᠢ ᠪᠡᠯᠭᠡᠳᠡᠭᠦ
ᠨᠡᠶᠢᠲᠡᠯᠡᠭᠰᠡᠨ ᠴᠠᠭ᠄
2020/8/26
     ᠮᠤᠩᠭᠤᠯᠴᠤᠳ ᠱᠠᠭ᠎ᠠ ᠪᠠᠷ ᠷᠢᠳᠢ ᠰᠢᠳᠢ ᠶᠢᠨ ᠪᠡᠯᠭᠡᠳᠠᠯ ᠪᠤᠯᠭᠠᠬᠤ ᠪᠠᠶᠢᠳᠠᠯ ᠲᠠᠳᠠᠨ ᠤ ᠡᠳᠤᠷ ᠲᠤᠳᠤᠮ ᠤᠨ ᠠᠮᠢᠳᠤᠷᠠᠯ ᠠᠵᠢᠯᠯᠠᠭ᠎ᠠ ᠪᠤᠯᠤᠨ ᠥᠵᠠᠯ ᠥᠢᠯᠠᠭᠠᠯᠳᠠ ᠳᠤ ᠲᠤᠰᠬᠠᠯ ᠢᠶᠠᠨ ᠤᠯᠤᠭᠰᠠᠨ ᠪᠠᠶᠢᠳᠠᠭ᠃ ᠲᠤᠬᠠᠢᠢᠯᠠᠪᠠᠯ᠂ ᠭᠡᠥᠭᠡᠳ ᠲᠥᠷᠥᠭᠰᠡᠨ ᠤ ᠭᠤᠷᠪᠠᠳᠤᠭᠠᠷ ᠡᠳᠤᠷ ᠱᠠᠭᠠᠨᠳᠤ ᠴᠢᠮᠥᠭᠡ ᠴᠢᠨᠠᠵᠤ᠂ ᠴᠢᠮᠥᠭᠡ ᠶᠢ ᠨᠢ ᠡᠭᠡ ᠳᠤ ᠨᠢ ᠢᠳᠡᠭᠦᠯᠵᠥ᠂ ᠱᠥᠯᠥ ᠪᠠᠷ ᠨᠢ ᠨᠢᠯᠬ᠎ᠠ ᠭᠡᠥᠭᠡᠳ ᠢᠶᠠᠨ ᠤᠭᠢᠶᠠᠭᠠᠳ᠂ ᠱᠠᠭ᠎ᠠ ᠶᠢ ᠨᠢ ᠰᠠᠶᠢᠬᠠᠨ ᠵᠠᠰᠠᠵᠤ ᠭᠡᠥᠭᠡᠳ ᠲᠤ ᠵᠡᠭᠦᠯᠭᠡᠳᠡᠭ᠃ ᠭᠡᠥᠭᠡᠳ ᠲᠤᠭᠳᠠᠬᠤ ᠥᠭᠡᠢ ᠠᠶᠢᠯ ᠭᠡᠥᠭᠡᠳ ᠲᠠᠢ ᠪᠤᠯᠪᠠᠯ᠂ ᠭᠡᠥᠭᠡᠳ ᠲᠤ ᠪᠠᠨ ᠴᠢᠨ᠋ᠸ᠎ᠠ ᠶᠢᠨ ᠱᠠᠭ᠎ᠠ᠂ ᠪᠤᠭᠤ ᠶᠢᠨ ᠱᠠᠭ᠎ᠠ᠂ ᠠᠷᠭᠠᠯᠢ ᠶᠢᠨ ᠱᠠᠭ᠎ᠠ᠂ ᠵᠡᠭᠡᠷ᠎ᠠ ᠶᠢᠨ ᠱᠠᠭ᠎ᠠ ᠶᠢᠨ ᠠᠯᠢ ᠨᠢᠭᠡ ᠶᠢ ᠤᠯᠵᠤ ᠵᠡᠭᠦᠯᠭᠡᠭᠡᠳ᠂ ᠭᠠᠢ ᠪᠠᠷᠴᠢᠳ ᠢ ᠠᠷᠢᠯᠭᠠᠭᠰᠠᠨ ᠢᠶᠠᠷ ᠥᠵᠡᠳᠡᠭ᠃ ᠰᠢᠯᠢ ᠶᠢᠨ ᠭᠤᠤᠯ ᠤᠨ ᠵᠠᠷᠢᠮ ᠨᠤᠳᠤᠭ ᠲᠤ᠂ ᠶᠢᠰᠤᠨ ᠥᠶ᠎ᠠ ᠲᠠᠮᠵᠢᠵᠥ ᠬᠠᠳᠠᠭᠠᠯᠠᠭᠰᠠᠨ ᠮᠠᠯ ᠤᠨ ᠱᠠᠭ᠎ᠠ ᠪᠤᠶᠤ ᠵᠡᠭᠡᠷ᠎ᠠ ᠶᠢᠨ ᠱᠠᠭ᠎ᠠ ᠶᠢ ︽ᠭᠥᠷᠠᠯ ᠱᠠᠭ᠎ᠠ︾ ᠭᠡᠵᠥ ᠲᠡᠭᠡᠳᠤᠯᠡᠨ ᠰᠢᠳᠥᠵᠥ᠂ ᠬᠠᠳᠠᠭ ᠲᠤ ᠪᠤᠭᠤᠵᠤ ᠬᠠᠳᠠᠭᠠᠯᠠᠳᠠᠭ᠃ ᠵᠢᠯ ᠴᠠᠭᠠᠨ ᠰᠠᠷ᠎ᠠ ᠪᠤᠯᠬᠤ ᠳᠤ ᠴᠢᠭᠳᠠᠭ᠎ᠠ ᠳᠤ ᠪᠠᠨ ᠵᠡᠭᠦᠵᠥ᠂ ᠰᠢᠨ᠎ᠠ ᠶᠢᠨ ᠲᠠᠪᠤᠨ ᠥᠡᠭᠭᠡᠷᠡᠪᠡᠯ ᠬᠤᠷᠢᠶᠠᠳᠠᠭ᠃ ᠢᠢᠮᠥ ︽ᠭᠥᠷᠠᠯ ᠱᠠᠭ᠎ᠠ︾ ᠪᠠᠷ ᠶᠠᠰᠤᠨ ᠤ ᠪᠠᠷᠳᠠᠯ ᠢ ᠡᠮᠨᠡᠵᠤ ᠲᠤᠮᠨᠠᠬᠤ ᠴᠤ ᠪᠤᠢ᠃ ᠥᠶ᠎ᠠ ᠮᠤᠯᠳᠤᠷᠠᠭᠰᠠᠨ ᠲᠤᠭᠢᠶᠠᠯᠳᠤᠯ ᠳᠤ ︽ᠭᠥᠷᠠᠯ ᠱᠠᠭ᠎ᠠ︾ ᠪᠠᠨ ᠴᠢᠨᠠᠵᠤ ᠱᠥᠯᠥ ᠶᠢ ᠨᠢ ᠤᠤᠭᠤᠬᠤ ᠪᠤᠶᠤ ᠡᠮ ᠲᠠᠷᠤᠭᠤᠯᠵᠤ ᠤᠤᠭᠤᠪᠠᠯ ᠮᠤᠯᠳᠤᠷᠠᠭᠰᠠᠨ ᠥᠶ᠎ᠠ ᠲᠥᠷᠭᠡᠨ ᠡᠳᠡᠭᠡᠷᠠᠨ᠎ᠠ ᠭᠡᠳᠡᠭ᠃     ᠮᠤᠩᠭᠤᠯᠴᠤᠳ ︽ᠲᠥᠯᠥᠭᠡᠨ ᠬᠤᠨᠢᠨ ᠤ ᠱᠠᠭ᠎ᠠ᠂ ᠲᠥᠯᠭᠡ ᠰᠠᠶᠢᠨ ᠲᠤᠰᠤᠨ᠎ᠠ︾ ᠭᠡᠵᠥ ᠱᠠᠭ᠎ᠠ ᠪᠠᠷ ᠮᠠᠷᠭᠡ ᠲᠥᠯᠭᠡ ᠥᠵᠡᠳᠡᠭ ᠪᠠᠶᠢᠬᠰᠠᠨ ᠤᠯᠠᠮᠵᠢᠯᠠᠯ ᠲᠠᠢ᠃ ᠲᠥᠯᠥᠭᠡᠨ ᠬᠤᠨᠢ ᠪᠤᠶᠤ ᠵᠡᠭᠡᠷ᠎ᠠ ᠶᠢᠨ ᠭᠠᠭᠴᠠ ᠱᠠᠭ᠎ᠠ ᠪᠠᠷ ᠤᠯᠠᠷᠢᠯ ᠤᠨ ᠪᠠᠶᠢᠳᠠᠯ ᠢ ᠰᠢᠨᠵᠢᠭᠦ᠂ ᠡᠷᠢᠯ ᠰᠤᠷᠠᠭ ᠢ ᠲᠥᠯᠭᠡᠳᠡᠭᠦ︔ ᠲᠥᠯᠥᠭᠡᠨ ᠬᠤᠨᠢᠨ ᠤ ᠭᠤᠷᠪᠠᠨ ᠱᠠᠭ᠎ᠠ᠂ ᠰᠢᠳᠥᠯᠡᠩ ᠢᠮᠠᠭᠠᠨ ᠤ ᠭᠤᠷᠪᠠᠨ ᠱᠠᠭ᠎ᠠ᠂ ᠢᠨᠵᠠᠭᠠᠨ ᠤ ᠭᠤᠷᠪᠠᠨ ᠱᠠᠭ᠎ᠠ ᠪᠠᠷ ᠲᠤᠰᠪᠤᠷᠢ ᠲᠥᠯᠭᠡᠳᠡᠭᠦ ᠪᠤᠶᠤ ᠡᠰᠡᠭᠦᠯ᠎ᠠ ᠲᠥᠯᠥᠭᠡᠨ ᠬᠤᠨᠢ᠂ ᠰᠢᠳᠥᠯᠡᠩ ᠢᠮᠠᠭ᠎ᠠ᠂ ᠢᠨᠵᠠᠭᠠᠨ ᠤ ᠭᠤᠷᠪᠠ ᠱᠠᠭ᠎ᠠ ᠪᠠᠷ ᠲᠥᠯᠭᠡᠳᠡᠭᠦ︔ ᠲᠥᠷᠪᠡᠨ ᠱᠠᠭ᠎ᠠ ᠪᠠᠷ ᠠᠵᠠ ᠭᠡᠶᠢᠮᠥᠷᠢ ᠪᠠᠨ ᠰᠢᠨᠵᠢᠭᠦ ᠵᠠᠷᠭᠡ ᠨᠢ ᠨᠠᠯᠢᠶᠠᠳ ᠲᠥᠭᠡᠮᠡᠯ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号