ᠨᠢᠭᠡ ᠭᠠᠵᠠᠷ ᠤᠨ ᠬᠢᠨ ᠬᠥᠪᠰᠥᠭᠡᠷ ᠪᠢᠩᠭᠠᠨ ᠠᠴᠠ ᠸᠢᠷᠦ᠋ᠰ ᠤᠨ ᠪᠠᠺᠲ᠋ᠧᠷᠢ ᠪᠠᠶᠢᠴᠠᠭᠠᠵᠤ ᠭᠠᠷᠭᠠᠪᠠ︕
ᠨᠡᠶᠢᠲᠡᠯᠡᠭᠰᠡᠨ ᠴᠠᠭ᠄
2021/11/17
       ᠬᠠᠷᠠᠮᠥ᠋ᠷᠡᠨ ᠮᠤᠵᠢ ᠶᠢᠨ ᠾᠸᠢ ᠾᠧ ᠬᠤᠲᠠ ᠶᠢᠨ ᠨᠠᠮ ᠤᠨ ᠬᠤᠷᠢᠶᠠᠨ ᠤ ᠤᠬᠠᠭᠤᠯᠬᠤ  ᠬᠡᠯᠲᠡᠰ ᠤᠨ  ᠸᠢᠴᠠᠲ ‍ᠤᠨ‌ᠣᠯᠠᠨ ᠨᠡᠶᠢᠲᠡ ᠶᠢᠨ ᠳ᠋ᠤᠭᠠᠷ ︽ᠾᠸᠢ ᠾᠧ ᠶᠢᠨ ᠭᠠᠳᠠᠷ ᠨᠢᠭᠤᠷ︾ ᠤᠨ 11  ᠰᠠᠷ᠎ᠠ ᠶᠢᠨ  14 ᠤ  ᠡᠳᠦᠷ ᠤᠨ  ᠮᠡᠳᠡᠭᠡ ᠵᠢ‌ᠦᠨᠳᠦᠰᠦᠯᠡᠪᠡᠯ᠂ 11 ᠰᠠᠷ᠎ᠠ ᠶᠢᠨ 13 ᠤ ᠡᠳᠦᠷ᠂ ᠾᠸᠢ ᠾᠧ  ᠬᠤᠲᠠ ᠶᠢᠨ ᠬᠢᠨ  ᠬᠢᠵᠢᠭ ᠢ  ᠰᠡᠷᠭᠡᠶᠢᠯᠡᠨ  ᠬᠤᠷᠢᠬᠯᠠᠬᠤ‌ᠠᠵᠢᠯ ᠳᠤᠮᠳᠠ᠂ ᠬᠥᠮᠥᠷᠭᠡ ᠳᠤ ᠬᠠᠳᠠᠭᠠᠯᠠᠵᠤ ᠪᠠᠶᠢᠭ᠎ᠠ ᠣᠷᠣᠰ ᠠᠴᠠ  ᠣᠷᠣᠭᠤᠯᠤᠭᠰᠠᠨ  ᠢᠳᠡᠭᠡᠨ ᠳᠤ  ᠪᠥᠭᠡᠮ  ᠬᠦᠴᠢᠯ ‍ᠤᠨ‌‍ᠰᠢᠯᠭᠠᠨ ᠪᠠᠶᠢᠴᠠᠭᠠᠯᠲᠠ ᠬᠢᠭᠰᠡᠨ ᠳᠤ᠂  KONTI ᠬᠤᠩ  ᠯᠦᠸᠧ ᠨᠢ  ᠴᠣᠺᠣᠯᠠᠳ᠋  ᠠᠮᠳᠠᠳᠤ  ᠬᠥᠪᠰᠥᠭᠡᠷ  ᠪᠣᠭᠤᠷᠰᠤᠭ︵ᠦᠢᠯᠡᠳᠪᠦᠷᠢᠯᠡᠭᠰᠡᠨ ᠡᠳᠦᠷ  ᠬᠤᠭᠤᠴᠠᠭ᠎ᠠ ᠨᠢ  20210804︶᠂  KONTI  ᠱᠣᠺᠣᠯᠠᠳ᠋  ᠠᠮᠳᠠᠳᠤ  ᠬᠥᠪᠰᠥᠭᠡᠷ‌‍ᠪᠢᠩᠭᠠᠨ ︵ᠦᠢᠯᠡᠳᠪᠦᠷᠢᠯᠡᠭᠰᠡᠨ ᠡᠳᠦᠷ ᠬᠤᠭᠤᠴᠠᠭ᠎ᠠ ᠨᠢ 20210804︶᠂ KONTI ᠠᠮᠲᠠᠲᠤ ᠬᠡᠮᠬᠡ ᠶᠢᠨ  ᠠᠮᠲᠠᠲᠤ‌ᠬᠠᠭᠠᠰ ᠪᠥᠮᠪᠥᠭᠡᠯᠢᠭ ᠵᠥᠭᠡᠯᠡᠨ ᠰᠢᠬᠢᠷ ︵ᠦᠢᠯᠡᠳᠪᠦᠷᠢᠯᠡᠭᠰᠡᠨ ᠡᠳᠦᠷ ᠬᠤᠭᠤᠴᠠᠭ᠎ᠠ ᠨᠢ  20210817︶᠂  ᠤᠷᠤᠰ ‍ᠤᠨ‌ᠵᠢᠵᠢᠭ ᠰᠦᠨ ᠲᠠᠯᠬ᠎ᠠ ︵ᠦᠢᠯᠡᠳᠪᠦᠷᠢᠯᠡᠭᠰᠡᠨ ᠡᠳᠦᠷ ᠬᠤᠭᠤᠴᠠᠭ᠎ᠠ ᠨᠢ 20201008︶  ᠵᠡᠷᠭᠡ  ᠳᠥᠷᠪᠡᠨ  ᠲᠥᠷᠥᠯ ‍ᠤᠨ‌ᠢᠳᠡᠭᠡᠨ ᠤ ᠭᠠᠳᠠᠷ ᠪᠤᠭᠤᠳᠠᠯ ᠳᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠬᠢᠭᠰᠡᠨ ᠤ ᠦᠷ᠎ᠡ ᠳ᠋ᠦᠩ ᠳᠤ  ᠠᠷᠭ᠎ᠠ  ᠴᠢᠨᠠᠷ‌ᠭᠠᠷᠪᠡ᠃  ᠬᠦᠢᠯᠭᠡᠭᠡᠨ ᠤ ᠬᠦᠷᠢᠶᠡᠨ ᠳᠠᠬᠢ ᠳᠡᠭᠡᠷ᠎ᠡ ᠳᠤᠷᠠᠳᠤᠭᠰᠠᠨ ᠳᠥᠷᠪᠡᠨ ᠲᠥᠷᠥᠯ ᠤᠨ ᠲᠣᠰ ᠪᠦᠯᠦᠭ  ᠤᠳᠠᠭ᠎ᠠ‌ᠤᠷᠤᠭᠤᠯᠤᠬᠰᠠᠨ ᠢᠳᠡᠭᠡᠨ ᠤ ᠥᠯᠢᠭᠡᠷ ᠡᠳ᠋ ᠶᠢ ᠤᠯᠠᠨ ᠭᠠᠵᠠᠷ ᠠᠴᠠ ᠠᠪᠴᠤ᠂ ᠪᠥᠭᠡᠮ ᠬᠦᠴᠢᠯ ᠤᠨ ᠰᠢᠯᠭᠠᠨ  ᠪᠠᠶᠢᠴᠠᠭᠠᠯᠲᠠ‌‍ᠬᠢᠭᠰᠡᠨ ᠤ ᠦᠷ᠎ᠡ ᠳ᠋ᠦᠩ ᠳᠤ ᠴᠥᠮ ᠪᠢᠯᠢᠭ ᠴᠢᠨᠠᠷ ᠭᠠᠷᠪᠠ᠃           ᠬᠡᠷᠪᠡ ᠬᠤᠲᠠ ᠶᠢᠨ ᠠᠷᠠᠳ ᠳᠡᠭᠡᠷ᠎ᠡ ᠳᠤᠷᠠᠳᠤᠭᠰᠠᠨ  ᠢᠳᠡᠭᠡᠨ ᠢ ᠬᠤᠳᠠᠯᠳᠤᠨ ᠠᠪᠤᠬᠰᠠᠨ ᠪᠠᠶᠢᠪᠠᠯ᠂  ᠬᠤᠪᠢ‌‍ᠬᠥ᠋ᠮᠦᠨ ᠤ ᠬᠠᠮᠠᠭᠠᠯᠠᠯᠲᠠ ᠶᠢ ᠰᠠᠶᠢᠲᠤᠷ ᠬᠢᠭᠰᠡᠨ ᠤ ᠤᠷᠢᠲᠠᠯ ᠳᠣᠣᠷ᠎ᠠ᠂  ᠢᠳᠡᠭᠡᠨ ᠢ  ᠠᠷᠢᠭᠤᠳᠬᠠᠨ  ᠪᠢᠲᠡᠭᠦᠮᠵᠢᠯᠡᠵᠦ᠂  ᠴᠠᠭ‌‍ᠲ᠋ᠤᠬᠠᠶ ᠳᠤᠨᠢ ᠲᠤᠬᠠᠶ ᠶᠢᠨ ᠭᠠᠵᠠᠷ ᠤᠨ ᠡᠪᠡᠳᠴᠢᠨ ᠡᠮᠭᠡᠭ ᠢ ᠰᠡᠷᠭᠡᠶᠢᠯᠡᠨ  ᠡᠵᠡᠮᠳᠡᠬᠦ  ᠲᠥᠪ ᠲᠠᠢ  ᠬᠠᠷᠢᠯᠴᠠᠭᠠᠷᠠᠶ᠃  ᠡᠭᠦᠨ ‍ᠤ‌ᠬᠠᠮᠲᠤ᠂ ᠥᠷᠭᠡᠨ ᠣᠯᠠᠨ ᠬᠤᠲᠠ ᠶᠢᠨ ᠠᠷᠠᠳ ᠲᠤ ᠥᠪᠡᠷ ᠢ ᠪᠠᠨ ᠬᠠᠮᠠᠭᠠᠯᠠᠬᠤ  ᠤᠬᠠᠮᠰᠠᠷ ᠢᠶᠠᠨ  ᠴᠢᠩᠭᠠᠳᠬᠠᠵᠤ᠂  ᠡᠷᠡᠭᠦᠯ‌ᠮᠡᠨᠳᠦ ᠶᠢ ᠬᠠᠮᠲᠤ ᠪᠠᠷ ᠰᠠᠬᠢᠨ ᠬᠠᠮᠠᠭᠠᠯᠠᠬᠤ ᠶᠢ ᠰᠠᠨᠠᠭᠤᠯᠤᠨ ᠮᠡᠳᠡᠭᠳᠡᠵᠦ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号