ᠵᠥᠩ ᠨᠠᠨ ᠱᠠᠨ᠂ ᠵᠠᠩ ᠸᠧᠨ ᠬᠤᠩ ᠬᠢᠵᠢᠭ ᠤᠨ ᠪᠠᠶᠢᠳᠠᠯ ᠢ ᠰᠤᠳᠤᠯᠤᠨ ᠮᠠᠭᠠᠳᠯᠠᠬᠤ ᠲᠤᠬᠠᠶ ᠶᠠᠭᠤ ᠬᠡᠯᠡᠪᠡ ?
ᠨᠡᠶᠢᠲᠡᠯᠡᠭᠰᠡᠨ ᠴᠠᠭ᠄
2021/12/15
      12 ᠰᠠᠷ᠎ᠠ ᠶᠢᠨ 11 ᠤ ᠡᠳᠦᠷ᠂ 2021 ᠶᠡᠭᠡ ᠪᠤᠯᠤᠩ ᠤᠨ  ᠣᠷᠣᠨ ᠤ  ᠰᠢᠨᠵᠢᠯᠡᠬᠦ  ᠤᠬᠠᠭᠠᠨ ᠤ  ᠶᠠᠷᠢᠶᠠᠨ ‍ᠤ‌‍ᠲ᠋ᠠᠪᠴᠠᠩ ︵ᠳᠣᠷᠣᠭᠰᠢ ᠶᠠᠷᠢᠶᠠᠨ ᠤ  ᠲᠠᠪᠴᠠᠩ  ᠭᠡᠵᠦ  ᠲᠣᠪᠴᠢᠯᠠᠨ᠎ᠠ︶ ᠤᠨ  ᠡᠬᠢᠯᠡᠯᠲᠡ ᠶᠢᠨ  ᠶᠣᠰᠣᠯᠠᠯ  ᠳᠡᠭᠡᠷ᠎ᠡ᠂  ᠬᠡᠷᠬᠢᠨ‌‍ᠪᠠᠶᠢᠩᠭᠤᠵᠢᠭᠤᠯᠬᠤ ᠲᠤᠬᠠᠶ ᠳᠤᠮᠳᠠᠳᠤ ᠤᠯᠤᠰ ᠤᠨ ᠢᠨᠵᠧᠨᠧᠷᠢᠩ ᠤᠨ  ᠬᠦᠷᠢᠶᠡᠯᠡᠩ ᠤᠨ  ᠠᠺᠠᠳᠧᠮᠢᠴᠢ᠂  ᠭᠤᠧᠠᠩᠵᠧᠦ  ᠵᠢᠨ‌‍ᠲ᠋ᠤᠷᠰᠢᠯᠲᠠ ᠶᠢᠨ  ᠲᠠᠰᠤᠭ ᠤᠨ  ᠡᠷᠬᠢᠯᠡᠭᠴᠢ  ᠵᠥᠩ  ᠨᠠᠨ  ᠱᠠᠨ  ᠭᠤᠷᠪᠠᠨ  ᠲᠠᠯ᠎ᠠ   ᠲᠤᠬᠠᠶᠢᠯᠠᠪᠠᠯ᠄ ᠨᠢᠭᠡ ᠳᠤ   ᠪᠥᠬᠦ‌ᠠᠷᠠᠳ ᠢᠶᠠᠷ ᠢᠶᠠᠨ ᠸᠠᠺᠼᠢᠨ ᠳᠠᠷᠢᠵᠤ᠂ ᠣᠯᠠᠨ ᠲᠦᠮᠡᠨ ᠤ ᠡᠭᠡᠯᠢᠯᠡᠭᠡ ᠶᠢ ᠪᠤᠢ ᠪᠤᠯᠭᠠᠬᠤ  ᠭᠡᠷᠡᠭᠳᠡᠢ︔  ᠬᠤᠶᠠᠷ ᠲᠤ  ᠨᠡᠶᠢᠭᠡᠮ‌‍ᠲ᠋ᠣᠭᠤᠷᠢᠭ ᠤᠨ ᠣᠯᠠᠨ ᠢᠶᠠᠷ ᠢᠶᠠᠨ ᠰᠡᠷᠭᠡᠶᠢᠯᠡᠵᠦ ᠣᠯᠠᠨ ᠢᠶᠠᠷ ᠢᠶᠠᠨ  ᠡᠵᠡᠮᠳᠡᠬᠦ   ᠠᠵᠢᠯ   ᠢ  ᠪᠠᠶᠢᠡᠭᠭᠤᠵᠢᠭᠤᠯᠬᠤ  ᠭᠡᠷᠡᠭᠳᠡᠢ︔ ᠭᠤᠷᠪᠠ ᠳᠤ᠂ ᠠᠨᠲ᠋ᠢᠪᠤᠳᠢ᠂ ᠵᠢᠵᠢᠭ  ᠮᠣᠯᠧᠺᠦ᠋ᠯ ᠤᠨ  ᠨᠢᠭᠡᠳᠪᠦᠷᠢ᠂  Molnupiravir᠂  Paxlovid  ᠵᠡᠷᠭᠡ ᠪᠦᠲᠦᠮᠵᠢᠲᠡᠶ ᠡᠮᠨᠡᠬᠦ ᠡᠮ ᠢ  ᠰᠤᠳᠤᠯᠤᠨ  ᠨᠡᠭᠡᠭᠡᠬᠦ  ᠭᠡᠷᠡᠭᠳᠡᠢ  ᠬᠡᠵᠦ  ᠵᠢᠭᠠᠵᠤ  ᠭᠠᠷᠭᠠᠪᠠ᠃  ᠵᠥᠩ  ᠨᠠᠨ  ᠱᠠᠨ  ᠪᠠᠰᠠ᠄ ᠣᠳᠣᠬᠠᠨ ᠳᠤ ᠵᠣᠩᠬᠢᠯᠠᠬᠤ ᠲᠣᠭᠠᠨ ᠤ ᠸᠠᠺᠼᠢᠨ ᠢ  ᠵᠠᠬ᠎ᠠ  ᠳᠡᠯᠭᠡᠭᠦᠷ ᠲᠤ  ᠭᠠᠷᠭᠠᠭᠰᠠᠨ ᠤ  ᠳᠠᠷᠠᠭ᠎ᠠ  ᠪᠠᠷᠤᠭ  ᠬᠠᠭᠠᠰ  ᠵᠢᠯ‌‍ᠪᠣᠯᠤᠮᠠᠭᠴᠠ ᠡᠭᠡᠯᠢᠯᠡᠭᠡ ᠶᠢᠨ ᠠᠨᠲ᠋ᠢᠪᠤᠳᠢ ᠨᠢ ᠪᠠᠭᠤᠷᠠᠵᠤ ᠪᠠᠶᠢᠬᠤ ᠪᠤᠯᠬᠤᠷ ᠲᠠᠷᠢᠯᠭ᠎ᠠ ᠶᠢ ᠴᠢᠩᠭᠠᠳᠬᠠᠬᠤ ᠴᠢᠬᠤᠯᠠᠲᠠᠶ᠃  ᠤᠯᠤᠰ‌‍ᠲ᠋ᠠᠭᠠᠨ ᠦᠢᠯᠡᠳᠪᠦᠷᠢᠯᠡᠭᠰᠡᠨ ᠸᠠᠺᠼᠢᠨ ᠤ ᠴᠢᠩᠭᠠᠳᠬᠠᠬᠤ ᠲᠠᠷᠢᠯᠭ᠎ᠠ ᠪᠣᠯ ᠦᠨᠡᠨ  ᠪᠣᠳᠠᠲᠠᠶ  ᠦᠷ᠎ᠡ  ᠪᠦᠲᠦᠮᠵᠢᠲᠡᠶ  ᠪᠥᠭᠡᠳ‌ᠡᠪᠡᠳᠴᠢᠨ ᠡᠮᠭᠡᠭ ᠢ ᠤᠷᠢᠳᠴᠢᠯᠠᠨ ᠰᠡᠷᠭᠡᠶᠢᠯᠡᠬᠦ ᠶᠢ 50 % ᠪᠠᠶᠢᠭᠰᠠᠨ ᠠᠴᠠ ᠨᠢ 80 % ᠪᠣᠯᠭᠠᠨ ᠲᠡᠭᠡᠭᠰᠢᠯᠡᠬᠦᠯᠵᠦ ᠪᠠᠶᠢᠨ᠎ᠠ‌‍ᠭᠡᠵᠦ ᠬᠡᠯᠡᠪᠡ᠃ ᠲᠡᠷᠡ᠄ ᠸᠠᠺᠼᠢᠨ ᠤ ᠲᠠᠷᠢᠯᠭ᠎ᠠ ᠶᠢᠨ ᠦᠷ᠎ᠡ ᠪᠦᠲᠦᠮᠵᠢ ᠶᠢ ᠬᠡᠷᠬᠢᠨ ᠳᠡᠭᠡᠭᠰᠢᠯᠡᠭᠦᠯᠬᠦ ᠲᠤᠬᠠᠶ ᠰᠤᠳᠤᠯᠭᠠᠨ ᠵᠶ᠋ᠠᠨ‌‍ᠴᠢᠩᠭᠠᠳᠬᠠᠵᠤ ᠪᠠᠶᠢᠨ᠎ᠠ ᠭᠡᠪᠡ᠃ 12 ᠤᠨ ᠡᠳᠦᠷ ᠤᠨ ᠶᠠᠷᠢᠶᠠᠨ ᠤ  ᠲᠠᠪᠴᠠᠩ  ᠳᠡᠭᠡᠷ᠎ᠡ᠂  ᠹᠦᠳᠠᠨ  ᠶᠡᠭᠡ  ᠰᠤᠷᠭᠠᠭᠤᠯᠢ ᠵᠢᠨ‌ᠬᠠᠷᠢᠶᠠᠲᠤ ᠬᠤᠧᠠᠱᠠᠨ ᠡᠮᠨᠡᠯᠭᠡ ᠶᠢᠨ ᠬᠤᠷᠢᠶᠠᠨ ᠤ ᠬᠠᠯᠳᠠᠪᠤᠷᠢᠳᠦ ᠡᠪᠡᠳᠴᠢᠨ ᠤ ᠰᠠᠯᠠᠭᠠᠨ ᠤ ᠡᠷᠬᠢᠯᠡᠭᠴᠢ  ᠵᠠᠩ  ᠸᠧᠨ  ᠬᠤᠩ‌‍ᠸᠢᠳᠢᠣ᠋ ᠶᠠᠷᠢᠶ᠎ᠠ ᠲᠠᠯᠪᠢᠬᠤ ᠳᠠᠭᠠᠨ  ᠤᠮᠢᠺᠷᠤᠨ  ᠲᠠᠷᠬᠠᠨ  ᠲᠡᠮᠵᠢᠬᠳᠠᠬᠤ  ᠪᠣᠯᠤᠯᠴᠠᠭ᠎ᠠ ᠲᠠᠢ  ᠢᠷᠡᠭᠡᠳᠦᠶ ᠶᠢᠨ  ᠬᠡᠳᠦᠨ  ᠠᠬᠤᠶ‌‍ᠪᠠᠶᠢᠳᠠᠯ ᠢ ᠵᠠᠳᠠᠯᠪᠠ᠃ ︽ᠬᠠᠮᠤᠭ ᠤᠨ ᠰᠠᠶᠢᠨ ᠪᠠᠶᠢᠳᠠᠯ ᠬᠡᠪᠡᠯ ᠸᠢᠷᠦ᠋ᠰ ᠬᠡᠰᠡᠭ ᠲᠠᠯ᠎ᠠ ᠪᠠᠷ ᠲᠠᠷᠬᠠᠬᠤ  ᠪᠤᠶᠤ  ᠪᠥᠬᠦ  ᠲᠠᠯ᠎ᠠ ᠪᠠᠷ‌‍ᠲ᠋ᠠᠷᠬᠠᠪᠠᠴᠤ ᠬᠤᠤᠷ ᠨᠢ ᠨᠡᠯᠢᠶᠡᠳ ᠪᠠᠭᠤᠷᠠᠶ ᠪᠤᠯᠪᠠᠯ ᠣᠳᠣᠬᠠᠨ ᠳᠤ  ᠡᠯ᠎ᠡ  ᠤᠯᠤᠰ ᠤᠨ  ᠠᠪᠴᠤ  ᠪᠠᠶᠢᠭ᠎ᠠ  ᠴᠢᠩᠭᠠᠷᠠᠭᠤᠯᠬᠤ‌‍ᠲ᠋ᠥ᠋ᠷᠥ ᠶᠢᠨ ᠪᠣᠳᠣᠯᠭ᠎ᠠ  ᠠᠯᠬᠤᠮ  ᠠᠯᠬᠤᠮ ᠢᠶᠠᠷ  ᠰᠤᠯᠠᠷᠠᠬᠤ  ᠪᠣᠯᠤᠨ᠎ᠠ︔  ᠭᠥᠯᠢᠶᠡᠨ  ᠠᠪᠴᠤ  ᠪᠣᠯᠬᠤ  ᠪᠠᠶᠢᠳᠠᠯ  ᠭᠡᠪᠡᠯ᠂ᠸᠢᠷᠦ᠋ᠰ ᠤᠨ ᠬᠠᠯᠳᠠᠪᠤᠷᠢᠯᠠᠬᠤ ᠬᠦᠴᠦᠨ ᠨᠢ ᠴᠢᠩᠭ᠎ᠠ᠂ ᠬᠤᠤᠷ ᠤᠨ ᠬᠦᠴᠦᠨ ᠨᠢ ᠨᠡᠯᠢᠶᠡᠳ  ᠴᠢᠩᠭ᠎ᠠ  ᠪᠠᠶᠢᠪᠠᠴᠤ  ᠸᠠᠺᠼᠢᠨ ᠤ ᠴᠢᠩᠭᠠᠳᠬᠠᠬᠤ ᠲᠠᠷᠢᠯᠭ᠎ᠠ ᠨᠢ ᠦᠷ᠎ᠡ ᠪᠦᠲᠦᠮᠵᠢᠲᠡᠶ ᠪᠤᠯ ᠴᠢᠩᠭᠠᠳᠬᠠᠬᠤ ᠲᠠᠷᠢᠯᠭ᠎ᠠ ᠶᠢ  ᠲᠦᠷᠭᠡᠭᠡᠨ  ᠲᠡᠯᠭᠡᠷᠡᠬᠦᠯᠬᠦ  ᠬᠡᠷᠡᠭᠲᠡᠶ︔ ᠬᠠᠮᠤᠭ ᠤᠨ ᠬᠦᠨᠳᠦ ᠨᠣᠴᠢᠲᠠᠶ ᠪᠠᠶᠢᠳᠠᠯ ᠬᠡᠪᠡᠯ᠂ ᠸᠢᠷᠦ᠋ᠰ ᠤᠨ ᠲᠠᠷᠬᠠᠯᠲᠠ ᠨᠢ ᠴᠢᠩᠭ᠎ᠠ᠂ ᠬᠤᠤᠷ ᠤᠨ ᠬᠦᠴᠦᠨ   ᠨᠢ  ᠨᠡᠯᠢᠶᠡᠳ‌‍ᠴᠢᠩᠭ᠎ᠠ᠂ ᠸᠠᠺᠼᠢᠨ ᠤ ᠴᠢᠩᠭᠠᠳᠬᠠᠬᠤ ᠲᠠᠷᠢᠯᠭ᠎ᠠ ᠨᠢ ᠴᠦ ᠲᠤᠰᠠ ᠭᠠᠷᠬᠤ ᠦᠭᠡᠢ ᠪᠤᠯᠬᠤ  ᠳᠤ  ᠬᠦᠷᠪᠡᠯ  ᠸᠠᠺᠼᠢᠨ ᠤ  ᠰᠢᠨ᠎ᠡ‌ᠠᠷᠭ᠎ᠠ ᠪᠣᠳᠣᠯᠭ᠎ᠠ ᠲᠤᠬᠳᠠᠭᠠᠬᠤ ᠶᠢᠨ ᠬᠠᠮᠲᠤ ᠰᠡᠷᠭᠡᠶᠢᠯᠡᠨ ᠡᠵᠡᠮᠳᠡᠬᠦ ᠠᠷᠭ᠎ᠠ ᠪᠣᠳᠣᠯᠭ᠎ᠠ ᠶᠢ ᠴᠢᠩᠭᠠᠷᠠᠭᠤᠯᠬᠤ  ᠬᠡᠷᠡᠭᠲᠡᠶ︾  ᠬᠡᠵᠦ‌ᠵᠠᠩ ᠸᠧᠨ ᠬᠤᠩ ᠬᠡᠯᠡᠭᠰᠡᠨ ᠢᠶᠠᠨ ᠵᠠᠯᠭᠠᠭᠠᠳ᠂ ᠪᠥᠬᠦ ᠳᠡᠯᠡᠬᠡᠶ ᠶᠢᠨ ᠰᠢᠨᠵᠢᠯᠡᠬᠦ ᠤᠬᠠᠭᠠᠨ ᠤ  ᠡᠲᠡᠭᠡᠳ ᠤᠨ ᠬᠢᠨ  ᠬᠠᠮᠲᠤ ᠪᠠᠷ‌‍ᠴᠢᠷᠮᠠᠶᠢᠵᠤ ᠪᠠᠶᠢᠨ᠎ᠠ᠂ ᠳᠤᠮᠳᠠᠳᠤ ᠤᠯᠤᠰ ᠤᠨ ᠪᠦᠯᠬᠦᠮ ᠨᠡᠶᠢᠲᠡ ᠴᠤ ᠨᠢᠭᠡᠨᠲᠡ ᠣᠯᠠᠨ ᠤᠯᠤᠰ   ᠲᠠᠢ  ᠬᠠᠮᠲᠤ  ᠬᠤᠪᠢᠶᠠᠯᠴᠠᠬᠤ ᠬᠤᠤᠷᠳᠦ ᠸᠢᠷᠦ᠋ᠰ ᠢ ᠣᠯᠵᠤ᠂ ᠱᠠᠯᠠᠪᠳᠠᠨ ᠰᠤᠳᠤᠯᠵᠤ᠂ ᠠᠷᠭᠠᠴᠠᠬᠤ ᠪᠣᠳᠣᠯᠭ᠎ᠠ ᠭᠠᠷᠭᠠᠵᠤ ᠪᠠᠶᠢᠨ᠎ᠠ ᠬᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号