ᠠᠭᠠᠷ ᠲᠣᠭᠤᠭ᠎ᠠ ᠥᠮᠡᠨ ᠡᠭᠦᠰᠭᠡᠨ᠎ᠡ ᠬᠡᠵᠢ ᠤᠤ︖  ᠦᠭᠡᠬᠦ ᠲᠣᠰᠣ ᠦᠭᠡᠢ ᠬᠤᠭᠤᠯᠠ ᠬᠢᠬᠦ ᠨᠢ ᠨᠠᠩ ᠡᠷᠡᠭᠦᠯ ᠴᠢᠭᠢᠷᠠᠭ ᠪᠤᠯᠤᠨ᠎ᠠ ᠬᠡᠵᠢ ᠤᠤ︖ ᠨᠠᠶᠢᠳᠠᠪᠤᠷᠢᠲᠠᠶ ᠬᠠᠷᠢᠭᠤᠯᠲᠠ ᠶᠢ ᠤᠯᠤᠯ᠎ᠠ ᠁
ᠨᠡᠶᠢᠲᠡᠯᠡᠭᠰᠡᠨ ᠴᠠᠭ᠄
2021/12/9
      ᠠᠭᠠᠷ ᠲᠣᠭᠤᠭ᠎ᠠ ᠨᠢ ᠥᠨᠳᠥᠷ  ᠬᠠᠯᠠᠭᠤᠨ ᠢᠶᠠᠷ  ᠢᠳᠡᠭᠡᠨ ᠢ  ᠬᠠᠯᠠᠭᠠᠵᠤ  ᠪᠠᠶᠢᠳᠠᠭ᠃  ᠡᠶᠢᠮᠦ ᠠᠴᠠ  ᠢᠳᠡᠭᠡᠨ ᠢ ᠪᠤᠯᠭᠤᠬᠤ ᠶᠠᠪᠤᠴᠠ ᠳᠤ ᠡᠳᠦᠢ ᠲᠡᠳᠦᠢ ᠹᠢᠽᠢᠺ ᠪᠠ ᠬᠢᠮᠢ ᠶᠢᠨ ᠬᠤᠪᠢᠷᠠᠯᠲᠠ ᠡᠭᠦᠰᠳᠡᠭ ᠶᠤᠮ᠂ ᠵᠢᠱᠢᠶᠡᠯᠡᠪᠡᠯ ᠶᠠᠰᠤ ᠴᠢᠨᠠᠷ ᠨᠢ ᠰᠠᠶᠢᠵᠢᠷᠠᠬᠤ᠂ ᠣᠨᠴᠠᠭᠠᠶ ᠦᠨᠦᠷ ᠠᠮᠲᠠ ᠲᠠᠢ ᠪᠤᠯᠬᠤ ᠵᠡᠷᠭᠡ ᠬᠤᠪᠢᠷᠠᠯᠲᠠ ᠭᠠᠷᠳᠠᠭ᠂  ᠪᠠᠰᠠ ᠬᠥᠮᠦᠨ ᠤ  ᠪᠡᠶ᠎ᠡ ᠳᠤ  ᠬᠤᠣᠷ ᠬᠥᠨᠥᠭᠡᠯ ᠲᠠᠢ ᠵᠠᠷᠢᠮ ᠬᠢᠮᠢ ᠶᠢᠨ ᠪᠦᠷᠢᠯᠳᠦᠬᠦᠨ᠂ ᠵᠢᠱᠢᠶᠡᠯᠡᠪᠡᠯ ᠫᠷᠤᠫᠧᠨ ᠠᠰᠢᠯᠳᠤ ᠠᠮᠢᠨ  ᠵᠡᠷᠭᠡ  ᠡᠭᠦᠰᠴᠤ  ᠮᠡᠳᠡᠬᠦ  ᠶᠤᠮ᠃ ᠫᠷᠤᠫᠧᠨ ᠠᠰᠢᠯᠳᠤ ᠠᠮᠢᠨ ᠪᠣᠯ ᠨᠢᠭᠡ ᠵᠦᠢᠯ ᠤᠨ ᠥᠮᠡᠨ ᠡᠭᠦᠰᠭᠡᠬᠦ‍ ᠨᠢᠭᠡ ᠵᠦᠢᠯ ᠤᠨ ᠪᠣᠳᠠᠰ ᠮᠥᠨ᠂ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠣᠯᠠᠨ ᠤᠯᠤᠰ ᠤᠨ ᠥᠮᠡᠨ  ᠡᠪᠡᠳᠴᠢᠨ ᠤ ᠰᠤᠳᠤᠯᠭᠠᠨ ᠤ ᠪᠠᠶᠢᠭᠤᠯᠤᠮᠵᠢ ︵IARC︶ ᠨᠢᠭᠡᠨᠲᠡ 2 A ᠲᠥᠷᠥᠯ ᠤᠨ ᠥᠮᠡᠨ ᠡᠭᠦᠰᠭᠡᠬᠦ ᠪᠣᠳᠠᠰ ᠢᠶᠠᠷ ᠵᠢᠬᠰᠠᠭᠠᠪᠠ᠂ ᠡᠨᠡ ᠲᠥᠷᠥᠯ ᠤᠨ ᠥᠮᠡᠨ‌ᠡᠭᠦᠰᠭᠡᠬᠦ  ᠪᠣᠳᠠᠰ ᠨᠢ ᠭᠤᠤᠯᠳᠠᠭᠤ ᠲᠤᠷᠰᠢᠯᠲᠠ ᠶᠢᠨ ᠠᠮᠢᠲᠠᠨ ᠤ ᠥᠮᠡᠨ ᠡᠭᠦᠰᠭᠡᠬᠦ ᠴᠢᠨᠠᠷᠲᠠᠶ ᠲᠤᠭ᠎ᠠ  ᠪᠠᠷᠢᠮᠲᠠ ᠳᠤ ᠰᠠᠭᠤᠷᠢᠯᠠᠭᠰᠠᠨ ᠪᠣᠯᠪᠠᠴᠤ ᠬᠥᠮᠦᠨ ᠤ ᠪᠡᠶ᠎ᠡ ᠳᠤ ᠠᠪᠴᠤ ᠬᠡᠯᠡᠪᠡᠯ ᠮᠥᠨ ᠴᠦ ᠥᠮᠡᠨ ᠡᠭᠦᠰᠭᠡᠬᠦ ᠪᠣᠯᠤᠯᠴᠠᠭ᠎ᠠ ᠲᠠᠢ ᠪᠠᠶᠢᠳᠠᠭ᠃              ᠢᠳᠡᠭᠡᠨ ᠤ ᠳᠣᠲᠣᠷᠠᠬᠢ ᠫᠷᠤᠫᠧᠨ ᠠᠰᠢᠯᠳᠤ ᠠᠮᠢᠨ ᠡᠭᠦᠰᠬᠦ ᠠᠷᠭ᠎ᠠ  ᠵᠠᠮ ᠬᠡᠳᠦᠨ ᠵᠦᠢᠯ ᠪᠤᠢ᠂  ᠭᠤᠣᠯ ᠠᠷᠭ᠎ᠠ ᠵᠠᠮ ᠨᠢ ᠬᠡᠪᠡᠯ ᠬᠡᠷᠢᠶᠡᠨ ᠨᠢᠳᠤᠨ ᠠᠰᠢᠯᠳᠤ ᠠᠮᠢᠨ  ᠪᠠ  ᠠᠩᠭᠢᠵᠢᠷᠠᠭᠤᠯᠤᠭᠴᠢ ᠰᠢᠬᠢᠷ ᠠᠴᠠ ᠡᠭᠦᠰᠦᠭᠰᠡᠨ ᠮᠧᠷᠡᠳ᠋ ᠤᠷᠪᠠᠯ‌‍ᠪᠣᠯᠤᠨ᠎ᠠ᠂ ᠡᠨᠡ ᠬᠦ ᠤᠷᠪᠠᠯ ᠨᠢ ᠦᠨᠡᠨ ᠳᠡᠭᠡᠨ ᠮᠠᠰᠢ ᠣᠯᠠᠨ ᠢᠳᠡᠭᠡᠨ ᠢ ᠪᠤᠯᠭᠤᠬᠤ ᠶᠠᠪᠤᠴᠠ ᠳᠤ ᠪᠦᠷ ᠡᠭᠦᠰᠳᠡᠭ ᠪᠠᠶᠢᠨ᠎ᠠ᠃        ᠮᠠᠨ ᠤ ᠤᠯᠤᠰ ᠤᠨ ᠵᠠᠷᠢᠮ ᠡᠷᠳᠡᠮᠲᠡᠨ  ᠵᠠᠬ᠎ᠠ ᠳᠡᠯᠭᠡᠭᠦᠷ ᠳᠡᠭᠡᠷᠡᠬᠢ 350 ᠰᠢᠬᠠᠮ ᠵᠦᠢᠯ ᠤᠨ ᠢᠳᠡᠭᠡᠨ‌‍ᠳᠤ ᠬᠤᠯᠪᠣᠭᠳᠠᠯ ᠪᠦᠬᠦᠢ ᠰᠤᠳᠤᠯᠭᠠᠨ ᠬᠢᠭᠰᠡᠨ ᠤ ᠦᠷ᠎ᠡ ᠳ᠋ᠦᠩ ᠳᠤ ᠫᠷᠤᠫᠧᠨ ᠠᠰᠢᠯᠳᠤ ᠠᠮᠢᠨ ᠢ ᠣᠯᠠᠩᠬᠢ ᠢᠳᠡᠭᠡᠨ ᠤ ᠦᠯᠢᠭᠡᠷ ᠡᠳ᠋ ᠠᠴᠠ ᠪᠦᠷ ᠰᠢᠯᠭᠠᠨ ᠭᠠᠷᠭᠠᠵᠤ ᠪᠤᠯᠬᠤ ᠶᠢ ᠤᠯᠵᠤ ᠮᠡᠳᠡᠵᠡᠢ᠂ ᠭᠡᠪᠡᠴᠦ  ᠮᠠᠨ ᠤ  ᠢᠳᠡᠭᠡᠨ ᠳᠠᠬᠢ  ᠲᠡᠭᠦᠨ ᠤ  ᠳᠤᠮᠳᠠᠴᠢ‌ᠠᠭᠤᠯᠤᠬᠳᠠᠴᠠ ᠶᠢᠨ ᠬᠡᠮᠵᠢᠶ᠎ᠡ ︵ᠰᠢᠩᠭᠡᠭᠡᠨ ᠠᠪᠬᠤ ᠬᠡᠮᠵᠢᠶ᠎ᠡ︶ ᠨᠢ ᠬᠠᠷᠢᠨ  ᠨᠡᠯᠢᠶᠡᠳ  ᠳᠣᠣᠷ᠎ᠠ᠂  ᠪᠠᠷᠤᠭᠴᠠᠭᠠᠯᠠᠪᠠᠯ  ᠵᠦᠪᠭᠡᠨ0.38 g / kg·ᠡᠳᠦᠷ ᠪᠤᠯᠤᠨ᠎ᠠ᠂ ᠭᠡᠳᠡᠯ᠎ᠡ  ᠤᠯᠠᠨ  ᠤᠯᠤᠰ ᠤᠨ  ᠬᠤᠯᠪᠣᠭᠠᠲᠤ  ᠪᠠᠶᠢᠭᠤᠯᠤᠯᠭ᠎ᠠ ᠶᠢᠨ ᠠᠮᠤ ᠪᠤᠳᠠᠭ᠎ᠠ‌‍ᠲ᠋ᠠᠷᠢᠶᠠᠯᠠᠩ ᠤᠨ  ᠵᠣᠬᠢᠶᠠᠨ  ᠪᠠᠶᠢᠭᠤᠯᠤᠯᠲᠠ ᠪᠠ ᠳᠡᠯᠡᠬᠡᠶ ᠶᠢᠨ  ᠡᠷᠡᠭᠦᠯ ᠬᠠᠮᠠᠭᠠᠯᠠᠯ ᠤᠨ ᠵᠣᠬᠢᠶᠠᠨ  ᠪᠠᠶᠢᠭᠤᠯᠤᠯᠲᠠ ᠵᠢᠨ‌ᠮᠡᠳᠡᠭᠦᠯᠦᠯᠲᠡ ᠶᠢᠨ ᠳᠤᠮᠳᠠᠴᠢ ᠠᠭᠤᠯᠤᠬᠳᠠᠴᠠ ᠶᠢᠨ ᠬᠡᠮᠵᠢᠶ᠎ᠡ ᠨᠢ 1 g / kg·ᠡᠳᠦᠷ ᠪᠤᠯᠤᠨ᠎ᠠ᠃          ᠡᠶᠢᠮᠦ ᠠᠴᠠ ᠠᠭᠠᠷ ᠲᠣᠭᠤᠭ᠎ᠠ ᠪᠠᠷ ᠪᠤᠯᠭᠤᠬᠰᠠᠨ ᠢᠳᠡᠭᠡᠨ ᠨᠢ ᠥᠮᠡᠨ ᠡᠭᠦᠰᠭᠡᠨ᠎ᠡ ᠭᠡᠳᠡᠭ  ᠬᠡᠯᠡᠯᠭᠡ   ᠶᠢᠨ  ᠲᠤᠬᠠᠢ‌‍ᠬᠡᠲᠦᠷᠬᠡᠶ ᠰᠠᠨᠠᠭ᠎ᠠ ᠵᠣᠪᠠᠭᠰᠠᠨ ᠤ ᠬᠡᠷᠡᠭ ᠥᠬᠡᠶ᠃       ᠡᠭᠦᠨ ᠠᠴᠠ ᠭᠠᠳᠠᠨ᠎ᠠ᠂ ᠠᠭᠠᠷ ᠲᠣᠭᠤᠭ᠎ᠠ ᠶᠢ ᠬᠡᠷᠡᠭᠯᠡᠬᠦ ᠨᠢ ᠭᠤᠤᠯᠳᠠᠭᠤ ᠤᠯᠠᠮᠵᠢᠯᠠᠯᠲᠤ  ᠲᠣᠰᠣᠨ ᠳᠤ  ᠪᠤᠴᠠᠯᠭᠠᠵᠤ‌‍ᠪᠤᠯᠭᠤᠬᠤ ᠢᠳᠡᠭᠡᠨ ᠢ ᠤᠷᠤᠯᠠᠭᠤᠯᠤᠬᠰᠠᠨ  ᠠᠷᠭ᠎ᠠ  ᠪᠣᠯᠤᠨ᠎ᠠ᠂  ᠨᠢᠭᠡ  ᠲᠠᠯ᠎ᠠ ᠪᠠᠷ ᠬᠡᠲᠦᠷᠬᠡᠶ ᠠᠷᠪᠢᠨ ᠥᠭᠡᠬᠦ ᠲᠣᠰᠣ ᠵᠢ‌‍ᠰᠢᠩᠭᠡᠭᠡᠨ ᠠᠪᠬᠤ ᠠᠴᠠ ᠵᠠᠶᠢᠯᠠᠰᠬᠢᠵᠦ᠂ ᠨᠥᠭᠦᠭᠡ ᠲᠠᠯ᠎ᠠ ᠪᠠᠷ ᠥᠭᠡᠬᠦ ᠲᠣᠰᠣ ᠶᠢᠨ ᠥᠨᠳᠥᠷ ᠬᠠᠯᠠᠭᠤᠨ  ᠲᠣᠰᠣᠨ ᠳᠤ ᠪᠤᠴᠠᠯᠭᠠᠬᠤ ᠶᠠᠪᠤᠴᠠ ᠳᠤ ᠪᠣᠶ ᠪᠤᠯᠤᠬᠰᠠᠨ ᠳᠠᠯᠳᠠ ᠬᠤᠤᠷ ᠬᠥᠨᠥᠭᠡᠯ ᠲᠠᠢ ᠪᠤᠰᠤᠳ ᠪᠦᠭᠡᠭᠡᠨᠡᠷᠡᠯ ᠨᠢᠭᠡᠳᠪᠦᠷᠢ ᠶᠢ ᠰᠢᠩᠭᠡᠭᠡᠨ‌ᠠᠪᠬᠤ ᠶᠢ ᠪᠠᠭᠠᠰᠬᠠᠬᠤ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号