ᠤᠷᠢᠬᠠᠨ ᠰᠠᠯᠬᠢ ᠠᠵᠢᠯᠯᠠᠭ᠎ᠠ ᠬᠥᠮᠦᠰ ᠤᠨ ᠰᠡᠳᠬᠢᠯ ᠢ ᠳᠤᠯᠠᠭᠠᠴᠠᠭᠤᠯᠵᠤ᠂ ᠠᠵᠢᠯ ᠣᠯᠭᠤᠯᠲᠠ ᠶᠢ ᠬᠠᠪᠰᠤᠷᠤᠨ ᠲᠡᠳᠬᠦᠬᠦ ᠠᠵᠢᠯ ᠤᠨ ᠪᠣᠳᠠᠲᠤ ᠦᠷ᠎ᠡ ᠪᠦᠲᠦᠮᠵᠢ ᠶᠢ ᠤᠯᠬᠤ᠂ ᠠᠵᠢᠯ ᠣᠯᠭᠤᠯᠲᠠ ᠶᠢᠨ ᠲᠣᠪᠴᠢᠶ᠎ᠠ 2021 ᠣᠨ ᠤ ︽ᠤᠷᠢᠬᠠᠨ ᠰᠠᠯᠬᠢ ᠠᠵᠢᠯᠯᠠᠭ᠎ᠠ︾ ᠥᠷᠨᠢᠭᠦᠯᠪᠡ
ᠨᠡᠶᠢᠲᠡᠯᠡᠭᠰᠡᠨ ᠴᠠᠭ᠄
2021/3/18
   ︽ᠵᠢᠷᠭᠤᠭ᠎ᠠ ᠶᠢ ᠲᠣᠭᠲᠠᠪᠤᠷᠢᠵᠢᠭᠤᠯᠬᠤ︾ ᠠᠵᠢᠯ ᠢ ᠰᠠᠶᠢᠲᠤᠷ ᠬᠢᠵᠦ᠂ ︽ᠵᠢᠷᠭᠤᠭ᠎ᠠ ᠶᠢ ᠪᠠᠲᠤᠯᠠᠬᠤ︾ ᠡᠭᠦᠷᠭᠡ ᠶᠢ ᠨᠠᠶᠢᠳᠠᠪᠤᠷᠢᠵᠢᠭᠤᠯᠵᠤ᠂ ᠠᠵᠢᠯ ᠤᠯᠬᠤ ᠳᠤ ᠬᠦᠴᠢᠷᠲᠡᠶ ᠬᠥᠮᠦᠰ ᠢ ᠤᠯᠠᠮ ᠨᠢᠭᠡ ᠠᠯᠬᠤᠮ ᠬᠠᠪᠰᠤᠷᠤᠨ ᠠᠵᠢᠯ ᠣᠯᠵᠤ ᠦᠢᠯᠡᠰ ᠪᠤᠰᠬᠠᠬᠤ ᠶᠢ ᠪᠡᠶᠡᠯᠡᠭᠦᠯᠬᠦ ᠶᠢᠨ ᠲᠥᠯᠥᠭᠡ᠂ ᠮᠠᠨ ᠤ ᠲᠤᠭᠤᠷᠢᠭ ᠤᠨ ᠪᠣᠳᠠᠲᠤ ᠪᠠᠶᠢᠳᠠᠯ ᠲᠠᠢ  ᠪᠠᠨ ᠤᠶᠠᠯᠳᠤᠭᠤᠯᠤᠨ᠂ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠶᠢ ᠴᠢᠩᠭᠠᠳᠬᠠᠵᠤ᠂ ᠠᠵᠢᠯ ᠣᠯᠭᠤᠯᠲᠠ ᠶᠢᠨ ᠲᠣᠪᠴᠢᠶ᠎ᠠ 2 ᠰᠠᠷ᠎ᠠ ᠶᠢᠨ ᠳᠤᠮᠳᠠᠴᠢ ᠠᠴᠠ 3 ᠰᠠᠷ᠎ᠠ ᠶᠢᠨ ᠰᠡᠭᠦᠯᠴᠢ ᠪᠣᠯᠲᠠᠯ᠎ᠠ᠂ ᠰᠠᠷ᠎ᠠ ᠬᠠᠭᠠᠰ ᠤᠨ  ᠬᠤᠭᠤᠴᠠᠭ᠎ᠠ ᠪᠦᠬᠦᠢ ︽ᠤᠷᠢᠬᠠᠨ ᠰᠠᠯᠬᠢ ᠠᠵᠢᠯ ᠤᠨ ᠪᠠᠶᠢᠷᠢ ᠬᠦᠷᠭᠡᠵᠦ᠂ ᠠᠵᠢᠯ ᠣᠯᠭᠤᠯᠲᠠ ᠬᠥᠮᠦᠰ ᠤᠨ ᠰᠡᠳᠬᠢᠯ ᠢ ᠳᠤᠯᠠᠭᠠᠴᠠᠭᠤᠯᠤᠨ᠎ᠠ︾ ᠠᠵᠢᠯᠯᠠᠭ᠎ᠠ ᠶᠢ ᠦᠷᠨᠢᠬᠦᠯᠪᠡ᠃ ᠠᠵᠤ ᠠᠬᠤᠶᠢᠯᠠᠯ ᠤᠨ ᠠᠵᠢᠯᠴᠢᠨ ᠬᠡᠷᠡᠭᠯᠡᠬᠦ ᠬᠡᠷᠡᠭᠴᠡᠭᠡ ᠱᠠᠭᠠᠷᠳᠠᠯᠭ᠎ᠠ ᠶᠢ ᠣᠶᠢᠯᠠᠭᠠᠬᠤ ᠪᠠᠶᠢᠴᠠᠭᠠᠯᠲᠠ ᠪᠠᠷ ᠳᠠᠮᠵᠢᠭᠤᠯᠤᠨ᠂ ᠠᠵᠢᠯ ᠤᠨ ᠪᠠᠶᠢᠷᠢ ᠶᠢ ᠥᠷᠭᠡᠨ ᠢᠶᠠᠷ ᠴᠤᠭᠯᠠᠭᠤᠯᠵᠤ᠂ ᠣᠲᠣ ᠪᠣᠯᠲᠠᠯ᠎ᠠ ᠨᠡᠶᠢᠲᠡ 52 ᠠᠵᠤ ᠠᠬᠤᠶᠢᠯᠠᠯ ᠤᠨ ᠠᠵᠢᠯᠲᠠᠨ ᠡᠯᠰᠡᠬᠦ ᠮᠡᠳᠡᠭᠡ ᠵᠠᠩᠭᠢ ᠶᠢ ᠴᠤᠭᠯᠠᠭᠤᠯᠵᠤ᠂ 2381 ᠠᠵᠢᠯ ᠣᠯᠭᠤᠬᠤ ᠠᠵᠢᠯ ᠤᠨ ᠪᠠᠶᠢᠷᠢ ᠬᠠᠩᠭᠠᠵᠤ᠂ ︽ᠠᠵᠢᠯ ᠣᠯᠭᠤᠯᠲᠠ ᠶᠢᠨ ᠬᠥᠨᠳᠡᠯᠡᠨ︾ ᠵᠢᠷᠬᠢᠶ᠎ᠡ ᠣᠯᠠᠨ ᠨᠡᠶᠢᠲᠡ ᠶᠢᠨ   ᠲᠠᠪᠴᠠᠩ ᠢᠶᠠᠷ ᠳᠠᠮᠵᠢᠭᠤᠯᠤᠨ ᠨᠡᠶᠢᠲᠡ 6 ᠬᠤᠭᠤᠴᠠᠭᠠᠨ ᠤ ᠠᠵᠢᠯᠲᠠᠨ ᠡᠯᠰᠡᠬᠦ ᠮᠡᠳᠡᠭᠡ ᠵᠠᠩᠭᠢ ᠶᠢ ᠲᠠᠨᠢᠯᠴᠠᠭᠤᠯᠪᠠ᠂ ᠡᠭᠦᠨ ᠳᠤ ᠰᠦᠯᠵᠢᠶᠡᠨ ᠳᠡᠭᠡᠷᠡᠬᠢ ᠠᠵᠢᠯᠲᠠᠨ ᠡᠯᠰᠡᠬᠦ ᠴᠤᠭᠯᠠᠭᠠᠨ ᠢ 4 ᠬᠤᠭᠤᠴᠠᠭ᠎ᠠ᠂  ︽3 . 8︾ ᠤ ᠡᠮᠡᠭᠳᠡᠶᠢᠴᠤᠳ ᠤᠨ ᠪᠠᠶᠠᠷ ᠤᠨ ᠬᠤᠭᠤᠴᠠᠭᠠᠨ ᠳᠠᠬᠢ ᠡᠮᠡᠭᠳᠡᠢ ᠠᠵᠢᠯᠲᠠᠨ ᠡᠯᠰᠡᠬᠦ ᠲᠤᠰᠬᠠᠢ ᠴᠤᠭᠯᠠᠭᠠᠨ ᠤᠨ 1 ᠬᠤᠭᠤᠴᠠᠭ᠎ᠠ᠂ ᠭᠤᠤᠯᠳᠠᠯᠭ᠎ᠠ ᠲᠠᠢ ᠠᠵᠤ ᠠᠬᠤᠶᠢᠯᠠᠯ ᠤᠨ ᠠᠵᠢᠯᠲᠠᠨ ᠡᠯᠰᠡᠬᠦ ᠲᠤᠰᠬᠠᠶ  ᠴᠤᠭᠯᠠᠭᠠᠨ ᠢ 1 ᠬᠤᠭᠤᠴᠠᠭ᠎ᠠ  ᠡᠷᠬᠢᠯᠡᠪᠡ᠃ ᠠᠵᠢᠯᠯᠠᠭ᠎ᠠ ᠶᠢᠨ ᠬᠤᠭᠤᠴᠠᠭᠠᠨ ᠳᠤ ᠨᠡᠶᠢᠲᠡ 1210 ᠬᠤᠪᠢ ᠲᠥᠷᠥ ᠶᠢᠨ ᠪᠣᠳᠣᠯᠭ᠎ᠠ ᠶᠢᠨ ᠤᠬᠠᠭᠤᠯᠤᠨ ᠲᠠᠶᠢᠯᠪᠤᠷᠢᠯᠠᠬᠤ ᠮᠠᠲ᠋ᠧᠷᠢᠶᠠᠯ ᠢ ᠲᠠᠷᠬᠠᠭᠠᠬᠤ ᠶᠢᠨ ᠬᠠᠮᠲᠤ ᠷᠠᠳᠢᠣ᠋᠂ ᠲᠧᠯᠸᠢᠰ᠂ ᠰᠣᠨᠢᠨ ᠰᠡᠳᠬᠦᠯ᠂ ᠰᠦᠯᠵᠢᠶ᠎ᠡ᠂  ᠵᠢᠷᠬᠢᠶ᠎ᠡ᠂ ᠣᠯᠠᠨ ᠨᠡᠶᠢᠲᠡ ᠶᠢᠨ ᠵᠢᠷᠬᠢᠶ᠎ᠡ ᠲᠡᠪᠴᠠᠩ ᠵᠡᠷᠭᠡ ᠰᠣᠨᠢᠨ ᠮᠡᠳᠡᠭᠡᠨ ᠤ ᠵᠠᠭᠤᠴᠢᠯᠠᠭᠤᠷ ᠢ ᠬᠦᠢᠴᠡᠳ ᠠᠰᠢᠭᠯᠠᠨ᠂ ᠲᠥᠷᠥ ᠶᠢᠨ ᠪᠣᠳᠣᠯᠭ᠎ᠠ ᠶᠢᠨ ᠬᠠᠮᠤᠷᠬᠤ ᠬᠡᠪᠴᠢᠶ᠎ᠡ ᠪᠠ ᠣᠶᠢᠯᠠᠭᠠᠬᠤ ᠬᠡᠪᠴᠢᠶ᠎ᠡ ᠶᠢ ᠥᠷᠭᠡᠳᠬᠡᠵᠦ᠂ ᠠᠵᠢᠯ ᠣᠯᠭᠤᠯᠲᠠ ᠶᠢ ᠲᠣᠭᠲᠠᠪᠤᠷᠢᠵᠢᠭᠤᠯᠬᠤ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ᠂ ᠦᠢᠯᠡᠴᠢᠯᠡᠭᠡ ᠶᠢ ᠪᠣᠳᠠᠲᠠᠶᠢᠵᠢᠭᠤᠯᠬᠤ ᠶᠢ ᠠᠬᠢᠭᠤᠯᠪᠠ᠃ ᠠᠵᠢᠯᠯᠠᠭ᠎ᠠ ᠶᠢᠨ ᠳᠤᠮᠳᠠ᠂ ᠠᠵᠢᠯ ᠣᠯᠭᠤᠯᠲᠠ ᠶᠢᠨ ᠲᠣᠪᠴᠢᠶ᠎ᠠ ᠡᠯ᠎ᠡ ᠵᠡᠭᠡᠯᠢ ᠪᠠᠯᠭᠠᠰᠤ ᠲᠠᠢ ᠬᠠᠮᠲᠤᠷᠠᠨ ᠠᠵᠢᠯᠴᠢᠨ ᠬᠡᠷᠡᠭᠯᠡᠬᠦ ᠬᠡᠷᠡᠭᠴᠡᠭᠡ᠂ ᠠᠵᠢᠯ ᠣᠯᠭᠤᠯᠲᠠ ᠶᠢᠨ ᠪᠠᠶᠢᠳᠠᠯ ᠤᠨ ᠪᠠᠶᠢᠴᠠᠭᠠᠯᠲᠠ ᠶᠢ ᠥᠷᠭᠡᠨ ᠢᠶᠠᠷ ᠥᠷᠨᠢᠭᠦᠯᠵᠦ᠂ ᠪᠠᠶᠢᠳᠠᠯ ᠢ ᠪᠥᠬᠦ ᠲᠠᠯ᠎ᠠ ᠪᠠᠷ ᠲᠣᠳᠣᠷᠬᠠᠶ ᠤᠶᠢᠯᠠᠭᠠᠨ᠂ ᠬᠥᠭᠵᠢᠯᠲᠡ ᠶᠢᠨ ᠬᠠᠨᠳᠤᠰᠢ ᠶᠢ  ᠬᠦᠢᠴᠡᠳ ᠡᠵᠡᠮᠳᠡᠵᠦ᠂ ᠰᠢᠨ᠎ᠡ ᠪᠠᠶᠢᠳᠠᠯ᠂ ᠰᠢᠨ᠎ᠡ ᠠᠰᠠᠭᠤᠳᠠᠯ ᠢ ᠢᠳᠡᠪᠬᠢᠲᠡᠶ ᠵᠠᠳᠠᠯᠤᠨ ᠰᠢᠢᠳᠪᠦᠷᠢᠯᠡᠪᠡ᠃ ᠣᠳᠣᠬᠠᠨ ᠪᠣᠯᠲᠠᠯ᠎ᠠ᠂ 31 ᠬᠥᠮᠦᠨ ᠳᠤ  ᠨᠠᠶᠢᠳᠠ ᠶᠢᠨ ᠠᠰᠠᠷᠠᠮᠵᠢ ᠶᠢᠨ ᠠᠵᠢᠯ ᠤᠨ ᠪᠠᠶᠢᠷᠢ ᠣᠯᠭᠤᠵᠤ᠂ 65 ᠬᠥᠮᠦᠨ ᠢ ᠲᠣᠬᠤᠨᠢᠭᠤᠯᠵᠤ᠂ 44 ᠬᠥᠮᠦᠨ ᠳᠤ ᠮᠡᠷᠭᠡᠵᠢᠯ ᠤᠨ ᠪᠣᠯᠪᠠᠰᠤᠷᠠᠯ ᠬᠦᠷᠲᠡᠭᠡᠵᠦ ᠂ 20 ᠬᠥᠮᠦᠨ ᠢ ᠠᠵᠢᠯ ᠠᠯᠳᠠᠯᠲᠠ ᠶᠢᠨ ᠳᠠᠭᠠᠳᠬᠠᠯ ᠢᠶᠠᠷ ᠬᠠᠪᠰᠤᠷᠤᠨ ᠲᠡᠳᠬᠦᠪᠡ᠃  ︵ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ︶  
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号