ᠬᠥᠮᠦᠨ ᠴᠢᠮᠠᠶᠢ ᠭᠠᠷ ᠤᠲᠠᠰᠤᠨ ᠤ ᠪᠠᠨ ᠡᠨᠡ  ᠬᠦ ᠴᠢᠳᠠᠮᠵᠢ ᠶᠢ ᠨᠡᠭᠡᠭᠡᠷᠡᠢ  ᠭᠡᠵᠦ ᠱᠠᠭᠠᠷᠳᠠᠪᠠᠯ ᠪᠢᠳᠡᠭᠡᠢ  ᠵᠦᠪᠰᠢᠶᠡᠷᠡᠭᠡᠷᠠᠢ ︕
ᠨᠡᠶᠢᠲᠡᠯᠡᠭᠰᠡᠨ ᠴᠠᠭ᠄
2021/4/25
      ᠬᠡᠷᠪᠡ ᠲᠠᠨᠢᠯ ᠪᠤᠰᠤ ᠬᠥᠮᠦᠨ ᠴᠢᠮ᠎ᠠ ᠳᠤ ᠤᠲᠠᠰᠤ ᠠᠪᠴᠤ ᠸᠢᠳᠢᠣ᠋ ᠬᠤᠷᠠᠯ᠂ ᠳᠡᠯᠭᠡᠴᠡ ᠶᠢᠨ ᠬᠠᠮᠲᠤ ᠪᠠᠷ ᠡᠳ᠋ᠯᠡᠬᠦ ᠬᠡᠬᠦ ᠮᠡᠳᠦ ᠶᠢᠨ ᠦᠭᠡᠰ ᠬᠡᠯᠡᠪᠡᠯ ᠲᠠ ᠬᠢᠴᠢᠶᠡᠬᠦ ᠬᠡᠷᠡᠭᠲᠡᠶ︕ ᠣᠶᠢᠷ᠎ᠠ ᠳᠤ᠂ ᠤᠯᠤᠰ ᠤᠨ ᠮᠡᠬᠡᠯᠡᠯ ᠢ  ᠡᠰᠡᠷᠭᠦᠴᠡᠬᠦ  ᠲᠥᠪ ᠤᠨ ᠬᠢᠨ ᠬᠠᠤᠯᠢ ᠪᠤᠰᠤ ᠡᠲᠡᠭᠡᠳ ᠡᠲᠡᠭᠡᠷ ᠴᠢᠳᠠᠮᠵᠢ ᠨᠤᠭᠤᠳ ᠢ ᠠᠰᠢᠭᠯᠠᠨ ᠮᠡᠬᠡᠯᠡᠯ ᠬᠢᠵᠦ ᠪᠠᠶᠢᠬᠤ ᠶᠢ ᠣᠯᠵᠤ ᠮᠡᠳᠡᠵᠡᠶ︕                 ᠲᠧᠩ ᠰᠢᠶᠦ᠋ᠨ ᠤ ᠬᠤᠷᠠᠯ ᠤᠨ App ᠳᠡᠯᠭᠡᠴᠡ ᠶᠢᠨ ᠬᠠᠮᠲᠤ ᠪᠠᠷ ᠡᠳ᠋ᠯᠡᠬᠦ ᠬᠡᠳᠡᠭ ᠨᠡᠷ᠎ᠡ ᠪᠠᠷ 9  ᠲᠦᠮᠡ  ᠭᠠᠷᠤᠢ ᠲᠥᠭᠦᠷᠢᠭ ᠮᠡᠭᠡᠯᠡᠨ ᠠᠪᠤᠪᠠ                ᠲᠦᠷᠦᠭᠦᠬᠡᠨ᠂ ᠵᠢᠶᠠᠩᠰᠦ ᠮᠤᠵᠢ ᠶᠢᠨ  ᠴᠠᠩ  ᠱᠤ᠋ ᠶᠢᠨ  ᠨᠢᠭᠡᠨ  ᠬᠤᠣᠷ  ᠠᠮᠰᠠᠭᠴᠢ  ᠲᠠᠨᠢᠯ  ᠪᠤᠰᠤ  ᠤᠲᠠᠰᠤ ᠶᠢ ᠲᠤᠰᠤᠬᠰᠠᠨ ᠳᠤ᠂ ᠲᠡᠭᠦᠨ ᠳᠤ ᠵᠢᠭᠡᠯᠡᠯᠭᠡ ᠶᠢᠨ ᠲᠠᠩᠰᠠ ᠪᠠᠨ ᠬᠦᠴᠦᠨ ᠥᠬᠡᠶ ᠪᠤᠯᠭᠠᠬᠤ ᠥᠬᠡᠶ ᠪᠣᠯ ᠢᠲᠡᠭᠡᠮᠵᠢ ᠶᠢᠨ  ᠮᠡᠳᠡᠭᠡ ᠵᠠᠩᠭᠢ ᠶᠢ ᠴᠢᠨᠢ ᠨᠥᠯᠥᠭᠡᠯᠡᠨ᠎ᠡ ᠭᠡᠵᠦ ᠬᠡᠯᠡᠪᠡ᠃ ᠨᠥᠭᠦᠭᠡ ᠡᠲᠡᠭᠡᠳ ᠤᠨ ᠢᠶᠠᠨ ᠥᠳᠥᠭᠡᠯᠭᠡ ᠪᠠᠷ  ᠲᠡᠷᠡ  ᠲᠧᠩ  ᠰᠢᠶᠦ᠋ᠨ ᠤ ᠬᠤᠷᠠᠯ ᠤᠨ App ᠶᠢ ᠪᠠᠭᠤᠯᠭᠠᠨ ᠠᠪᠴᠤ᠂ ᠳᠡᠯᠭᠡᠴᠡ ᠶᠢᠨ ᠬᠠᠮᠲᠤ ᠪᠠᠷ ᠡᠳ᠋ᠯᠡᠬᠦ  ᠴᠢᠳᠠᠮᠵᠢ ᠪᠠᠷ  ᠳᠠᠮᠵᠢᠭᠤᠯᠤᠨ  ᠪᠡᠶ᠎ᠡ ᠶᠢᠨ ᠦᠨᠡᠮᠯᠡᠯ ᠪᠠ ᠰᠢᠯᠭᠠᠨ ᠪᠠᠲᠤᠯᠠᠬᠤ ᠺᠣᠳ᠋ ᠢᠶᠠᠨ ᠣᠷᠣᠭᠤᠯᠤᠬᠰᠠᠨ ᠳᠤ᠂ 9 ᠲᠦᠮᠡ ᠭᠠᠷᠤᠶ ᠲᠥᠭᠦᠷᠢᠭ ᠢᠶᠠᠨ ᠮᠡᠬᠡᠯᠡᠭᠳᠡᠪᠡ᠃            ᠴᠠᠩ ᠱᠤ᠋ ᠶᠢᠨ ᠮᠡᠬᠡᠯᠡᠯ ᠢ ᠡᠰᠡᠷᠭᠦᠴᠡᠬᠦ ᠨᠢᠭᠡᠨ ᠠᠷᠠᠳ ᠤᠨ  ᠴᠠᠭᠳᠠᠭ᠎ᠠ  ᠴᠦ  ᠡᠶᠢᠮᠦᠷᠬᠦ  ᠮᠡᠬᠡᠯᠡᠯ ᠤᠨ  ᠤᠲᠠᠰᠤ ᠶᠢ ᠲᠤᠰᠴᠤ ᠪᠢᠯᠡ᠂ ᠮᠡᠭᠡᠯᠡᠭᠴᠢ᠄ ︽ᠬᠤᠪᠢ ᠬᠥᠮᠦᠨ ᠤ ᠪᠠᠨ  ᠨᠢᠭᠤᠴᠠ ᠶᠢ  ᠬᠠᠮᠠᠭᠠᠯᠠᠬᠤ ᠶᠢᠨ  ᠲᠥᠯᠥᠭᠡ  ᠲᠠ  ᠰᠢᠶᠤᠤ  ᠮᠧᠢ ᠮᠥᠩᠭᠦᠨ ᠬᠦᠢᠯᠭᠡᠭᠡᠨ ᠤ App ᠶᠢ ᠪᠠᠭᠤᠯᠭᠠᠵᠤ ᠠᠪᠤᠭᠠᠷᠠᠢ᠂ ᠤᠴᠢᠷ ᠨᠢ  ᠲᠤᠰ  ᠬᠥᠮᠦᠨ ᠨᠢ  ᠲᠠᠷᠠᠭᠠᠯᠠᠯ ᠢᠶᠠᠷ  ᠬᠢᠬᠦ  ᠪᠠ ᠬᠦᠴᠦᠨ ᠦᠭᠡᠢ ᠪᠣᠯᠭᠠᠬᠤ ᠰᠢᠰᠲ᠋ᠧᠮ ᠨᠢ ᠴᠢᠮ᠎ᠠ ᠳᠤ ᠨᠢᠭᠡ ᠲᠧᠩ ᠰᠢᠶᠦ᠋ᠨ  ᠬᠤᠷᠠᠯ ᠤᠨ  ᠰᠦᠯᠵᠢᠶᠡᠨ  ᠲᠡᠭᠡᠷᠡᠬᠢ  ᠲᠤᠰᠬᠠᠶ ᠲᠤᠰᠢᠶᠠᠯᠲᠠᠨ ᠢᠶᠠᠷ ᠳᠠᠩᠰᠠ ᠶᠢ ᠴᠢᠨᠢ ᠬᠦᠴᠦᠨ ᠦᠭᠡᠢ ᠪᠤᠯᠭᠠᠵᠤ  ᠦᠭᠭᠦᠨ᠎ᠡ︾  ᠭᠡᠵᠦ  ᠬᠡᠯᠡᠪᠡ᠃  ᠮᠡᠬᠡᠯᠡᠯ ᠢ  ᠡᠰᠡᠷᠭᠦᠴᠡᠬᠦ ᠠᠷᠠᠳ ᠤᠨ ᠴᠠᠭᠳᠠᠭ᠎ᠠ ᠱᠠᠭᠠᠷᠳᠠᠯᠭ᠎ᠠ ᠶᠣᠰᠣᠭᠠᠷ App ᠶᠢ ᠪᠠᠭᠤᠯᠭᠠᠭᠰᠠᠨ ᠤ ᠳᠠᠷᠠᠭ᠎ᠠ ᠮᠡᠭᠡᠯᠡᠭᠴᠢ ᠵᠠᠯᠭᠠᠭᠠᠳ᠄ ︽ᠴᠢ ᠲᠧᠩ ᠰᠢᠶᠦ᠋ᠨ ᠤ ᠬᠤᠷᠠᠯ ᠳᠤ ᠲᠠᠬᠢᠨ ᠪᠤᠴᠠᠵᠤ ᠤᠷᠤᠭᠠᠳ ᠬᠠᠮᠲᠤ ᠪᠠᠷ ᠡᠳ᠋ᠯᠡᠬᠦ ᠳᠡᠯᠭᠡᠴᠡ ᠶᠢ ᠨᠡᠭᠡᠭᠡ᠂ ᠪᠠᠭ᠎ᠠ ᠤᠳᠠᠰᠬᠢᠵᠤ ᠪᠠᠶᠢᠭᠠᠳ ᠪᠢ ᠴᠢᠮ᠎ᠠ ᠳᠤ  ᠬᠡᠷᠬᠢᠨ  ᠨᠢᠭᠡ  ᠨᠢᠭᠡ ᠪᠠᠷ  ᠬᠢᠬᠦ ᠶᠢ  ᠵᠢᠭᠠᠵᠤ  ᠥᠭᠬᠦᠶ᠎ᠡ᠂  ᠪᠤᠷᠤᠭᠤ  ᠬᠢᠬᠦ ᠠᠴᠠ  ᠬᠢᠴᠢᠶᠡᠭᠡᠷᠡᠢ︾  ᠭᠡᠵᠦ ᠱᠠᠭᠠᠷᠳᠠᠪᠠ᠃               ᠵᠠᠯᠭᠠᠭᠠᠳ ᠮᠡᠬᠡᠯᠡᠯ ᠢ ᠡᠰᠡᠷᠭᠦᠴᠡᠬᠦ ᠠᠷᠠᠳ ᠤᠨ  ᠴᠠᠭᠳᠠᠭ᠎ᠠ  ᠮᠡᠬᠡᠯᠡᠭᠴᠢ ᠳᠤ᠄  ︽ᠴᠢᠨᠦ  ᠲᠡᠨᠳᠡᠬᠢ  ᠤᠷᠢᠳᠴᠢᠯᠠᠨ ᠦᠯᠡᠳᠡᠭᠡᠭᠰᠡᠨ ᠮᠡᠳᠡᠭᠡ ᠵᠠᠩᠭᠢ ᠴᠢᠨᠢ ᠮᠢᠨᠦ ᠠᠩᠬᠠᠨ   ᠳᠠᠭᠠᠨ  ᠠᠯᠢ  ᠰᠤᠷᠭᠠᠭᠤᠯᠢ ᠳᠤ  ᠰᠤᠷᠤᠯᠴᠠᠵᠤ  ᠪᠠᠶᠢᠬᠰᠠᠨ ᠢ  ᠣᠯᠵᠤ ᠬᠠᠷᠠᠨ᠎ᠠ ᠦᠦ ᠦᠭᠡᠢ ᠤᠤ︖︾ ᠭᠡᠵᠦ ᠰᠠᠨᠠᠭᠤᠯᠤᠬᠰᠠᠨ ᠳᠤ  ᠮᠡᠭᠡᠯᠡᠭᠴᠢ᠄  ︽ᠴᠢ  ᠤᠤᠯ ᠨᠢ  ᠵᠢᠶᠠᠩᠰᠦ ᠶᠢᠨ  ᠴᠠᠭᠳᠠᠭᠠᠨ ᠤ ᠳᠡᠭᠡᠳᠦ ᠰᠤᠷᠭᠠᠭᠤᠯᠢ ᠳᠤ ᠰᠤᠷᠤᠯᠴᠠᠵᠤ ᠪᠠᠶᠢᠵᠠᠢ᠂  ᠲᠠᠭᠠᠷᠠᠨ᠎ᠠ  ᠦᠦ  ᠦᠭᠡᠢ  ᠤᠤ︖︾  ᠭᠡᠵᠦ  ᠬᠠᠷᠢᠭᠤᠯᠪᠠ᠂  ᠮᠡᠬᠡᠯᠡᠯ ᠢ ᠡᠰᠡᠷᠭᠦᠴᠡᠬᠦ ᠠᠷᠠᠳ ᠤᠨ ᠴᠠᠭᠳᠠᠭ᠎ᠠ ᠲᠠᠬᠢᠨ᠄ ︽ᠴᠢᠨᠦ ᠦᠵᠡᠬᠦ ᠪᠠᠷ ᠵᠢᠶᠠᠩᠰᠦ ᠶᠢᠨ ᠴᠠᠭᠳᠠᠭ᠎ᠠ ᠶᠢᠨ ᠳᠡᠭᠡᠳᠦ ᠰᠤᠷᠭᠠᠭᠤᠯᠢ ᠠᠴᠠ ᠲᠡᠭᠦᠰᠦᠭᠰᠡᠨ ᠰᠤᠷᠤᠬᠴᠢ ᠶᠠᠭᠤ ᠬᠢᠵᠦ  ᠴᠢᠳᠠᠬᠤ  ᠪᠤᠢ︖︾  ᠬᠡᠵᠦ  ᠢᠨᠢᠶᠠᠨ  ᠠᠰᠠᠭᠤᠬᠰᠠᠨ ᠳᠤ᠂  ᠮᠡᠭᠡᠯᠡᠭᠴᠢ  ᠬᠡᠨᠡᠳᠳᠡ ᠰᠡᠷᠡᠰᠬᠢᠨ᠄ ︽ᠲᠠ ᠠᠷᠠᠳ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠢ ᠮᠥᠨ ᠦᠦ︖  ᠴᠢᠨᠦ  ᠡᠨᠡ  ᠳᠠᠩᠰᠠ ᠶᠢ ᠬᠦᠴᠦᠨ ᠦᠭᠡᠢ ᠪᠣᠯᠭᠠᠬᠤ ᠬᠡᠷᠡᠭ ᠦᠭᠡᠢ᠁︾ ᠬᠡᠵᠦ ᠬᠡᠯᠡᠵᠡᠢ᠃              ᠤᠯᠤᠰ ᠤᠨ ᠮᠡᠬᠡᠯᠡᠯ ᠢ ᠡᠰᠡᠷᠭᠦᠴᠡᠬᠦ ᠲᠥᠪ ᠤᠨ ᠬᠢᠨ᠄  ᠬᠡᠷᠪᠡ  ᠴᠢ  ᠮᠡᠬᠡᠯᠡᠭᠴᠢ ᠶᠢᠨ  ᠦᠭᠡ ᠪᠠᠷ  ᠳᠡᠯᠭᠡᠴᠡ ᠶᠢᠨ ᠬᠠᠮᠲᠤ ᠪᠠᠷ ᠡᠳ᠋ᠯᠡᠬᠦ ᠴᠢᠳᠠᠮᠵᠢ ᠶᠢ ᠨᠡᠭᠡᠭᠡᠬᠦ ᠳᠤ ᠬᠦᠷᠪᠡᠯ᠂ ᠮᠡᠬᠡᠯᠡᠭᠴᠢ ᠰᠠᠨᠠᠭᠠᠴᠢᠯᠠᠭ᠎ᠠ ᠠᠴᠠ ᠪᠠᠨ ᠯᠠᠪᠯᠠᠨ ᠠᠰᠠᠭᠤᠬᠤ ᠥᠬᠡᠶ ᠴᠤ ᠬᠡᠰᠡᠨ᠂ ᠴᠢᠨᠦ ᠭᠠᠷ ᠤᠲᠠᠰᠤᠨ ᠳᠡᠭᠡᠷᠡᠬᠢ ᠨᠢᠭᠤᠴᠠ ᠨᠣᠮᠧᠷ᠂ ᠰᠢᠯᠭᠠᠨ  ᠪᠠᠲᠤᠯᠠᠬᠤ  ᠨᠣᠮᠧᠷ  ᠵᠡᠷᠭᠡ ᠶᠢ  ᠪᠠᠭᠲᠠᠭᠠᠭᠰᠠᠨ  ᠪᠣᠶ ᠪᠥᠬᠦᠶ ᠮᠡᠳᠡᠭᠡ ᠵᠠᠩᠭᠢ ᠶᠢ ᠣᠯᠵᠤ ᠦᠵᠡᠬᠦ ᠶᠢᠨ ᠤᠯᠠᠮ ᠢᠶᠠᠷ ᠺᠠᠷᠲ ᠤᠨ ᠳᠣᠲᠣᠷᠠᠬᠢ ᠪᠠᠯᠠ ᠮᠥᠩᠭᠦ ᠶᠢ  ᠴᠢᠨᠢ  ᠰᠢᠯᠵᠢᠭᠦᠯᠤᠨ ᠠᠪᠳᠠᠭ᠃ ᠡᠶᠢᠮᠦ ᠠᠴᠠ ᠲᠠᠨᠢᠬᠤ ᠥᠬᠡᠶ ᠬᠥᠮᠦᠨ ᠳᠤ ᠳᠡᠯᠭᠡᠴᠡ ᠶᠢᠨ ᠬᠠᠮᠲᠤ ᠪᠠᠷ  ᠡᠳ᠋ᠯᠡᠬᠦ  ᠴᠢᠳᠠᠮᠵᠢ ᠶᠢ  ᠨᠡᠭᠡᠭᠡᠨ  ᠦᠭᠴᠦ ᠪᠤᠯᠬᠤ ᠦᠭᠡᠢ᠂ ᠬᠤᠪᠢ ᠬᠥᠮᠦᠨ ᠤ ᠮᠡᠳᠡᠭᠡ ᠵᠠᠩᠭᠢ ᠣᠨᠴᠠᠭᠠᠶᠢᠯᠠᠨ ᠪᠠᠩᠬᠢ ᠶᠢᠨ  ᠺᠠᠷᠲ ᠤᠨ  ᠨᠢᠭᠤᠴᠠ  ᠨᠣᠮᠧᠷ᠂  ᠰᠢᠯᠭᠠᠨ ᠪᠠᠲᠤᠯᠠᠬᠤ  ᠺᠣᠳ᠋ ᠲᠤ  ᠬᠤᠯᠪᠤᠬᠳᠠᠬᠤ  ᠤᠴᠢᠷ ᠲᠤᠬᠢᠶᠠᠯᠳᠤᠪᠠᠯ  ᠨᠡᠩ  ᠴᠦ  ᠮᠡᠭᠡᠯᠡᠭᠳᠡᠬᠦ ᠠᠴᠠ ᠪᠠᠨ  ᠬᠢᠴᠢᠶᠡᠬᠦ  ᠭᠡᠷᠡᠭᠳᠡᠢ᠂ ᠮᠡᠬᠡᠯᠡᠭᠳᠡᠬᠦ ᠳᠤ  ᠬᠦᠷᠪᠡᠯ  ᠪᠠᠷᠢᠨ  ᠲᠤᠤᠷ᠎ᠠ ᠪᠠᠨ  110 ᠳᠤ  ᠤᠲᠠᠰᠤᠳᠠᠵᠤ  ᠴᠠᠭᠳᠠᠭ᠎ᠠ ᠳᠤ  ᠮᠡᠳᠡᠭᠦᠯᠦᠭᠡᠷᠡᠶ︕   ᠭᠡᠵᠦ ᠰᠠᠨᠠᠭᠤᠯᠪᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号