ᠥᠮᠡᠨ ᠢ ᠵᠠᠰᠠᠬᠤ᠂ ᠳᠠᠷᠤᠯᠲᠠ ᠶᠢ ᠪᠠᠭᠤᠷᠠᠭᠤᠯᠬᠤ ᠵᠡᠷᠭᠡ 61 ᠵᠦᠢᠯ ᠤᠨ ᠡᠮ  ᠪᠠᠰᠠ ᠬᠢᠮᠳᠠᠷᠠᠨ᠎ᠠ
ᠨᠡᠶᠢᠲᠡᠯᠡᠭᠰᠡᠨ ᠴᠠᠭ᠄
2021/6/25
     ᠤᠯᠤᠰ ᠠᠴᠠ ᠵᠤᠬᠢᠶᠠᠨ ᠪᠠᠶᠢᠭᠤᠯᠵᠦ ᠨᠢᠬᠡᠳᠦᠯᠳᠠᠢ  ᠬᠤᠳᠠᠯᠳᠣᠨ  ᠠᠪᠬᠤ  ᠲᠠᠪᠤᠳᠤᠭᠠᠷ  ᠪᠦᠯᠦᠭ   ᠤᠨ  ᠡᠮ   ᠤᠨ ᠵᠦᠢᠯᠡᠰ ᠤᠨ ᠨᠡᠷᠡᠰ ᠢ ᠦᠴᠦᠬᠡᠳᠦᠷ ᠨᠡᠶᠢᠳᠡᠯᠡᠯ᠎ᠡ᠃ 62 ᠳᠦᠷᠦᠯ ᠤᠨ ᠡᠮ ᠠᠴᠠ 61 ᠶᠢ ᠨᠢ ᠠᠮᠵᠢᠯᠲᠠ ᠲᠠᠢ  ᠬᠤᠳᠠᠯᠳᠤᠨ ᠣᠷᠣᠭᠤᠯᠣᠭᠰᠠᠨ ᠪᠦᠬᠡᠳ ᠦᠨ᠎ᠡ ᠶᠢ ᠨᠢ ᠳᠤᠮᠳᠠᠴᠢ ᠪᠠᠷ  56%   ᠪᠠᠷ  ᠬᠢᠮᠳᠠᠷᠠᠭᠤᠯᠤᠨ᠂  ᠪᠥᠬᠦ  ᠦᠷᠳᠡᠭ   ᠨᠢ  550 ᠳ᠋ᠦᠩᠰᠢᠭᠤᠷ ᠲᠥᠭᠦᠷᠢᠭ ᠲᠤ ᠬᠦᠷᠴᠦ᠂ ᠲᠥᠪᠯᠡᠷᠡᠭᠦᠯᠦᠨ ᠬᠤᠳᠠᠯᠳᠤᠨ ᠠᠪᠤᠭᠰᠠᠨ ᠳᠡᠦᠬᠡ ᠶᠢᠨ ᠲᠡᠮᠳᠡᠭᠯᠡᠯ ᠢ ᠰᠢᠨᠡᠳᠬᠡᠪᠡ᠃                                 ᠤᠯᠤᠰ ᠠᠴᠠ ᠡᠮ ᠤᠨ ᠵᠦᠢᠯᠡᠰ ᠢ ᠲᠦᠯᠦᠪᠯᠡᠭᠡ ᠲᠠᠢ ᠪᠠᠷ ᠲᠥᠪᠯᠡᠷᠡᠭᠦᠯᠦᠨ ᠬᠤᠳᠠᠯᠳᠤᠨ ᠠᠪᠬᠤ ᠶᠠᠪᠤᠳᠠᠯ ᠢ ᠵᠣᠬᠢᠶᠠᠨ ᠪᠠᠶᠢᠭᠤᠯᠤᠨ᠎ᠠ᠂ ᠲᠤᠬᠠᠶᠢᠯᠠᠪᠠᠯ ᠤᠯᠤᠰ ᠠᠴᠠ  ᠪᠦᠬᠦ  ᠤᠯᠤᠰ ᠤᠨ  ᠡᠯ᠎ᠡ  ᠮᠤᠵᠢ  ᠣᠷᠣᠨ ᠢ  ᠵᠣᠬᠢᠶᠠᠨ  ᠪᠠᠶᠢᠭᠤᠯᠵᠤ  ᠶᠡᠭᠡ ᠬᠡᠪᠴᠢᠶᠡᠨ ᠤ ᠡᠮ ᠤᠨ ᠵᠦᠢᠯᠡᠰ ᠢ ︽ᠬᠠᠮᠲᠤ ᠪᠠᠷ ᠬᠤᠳᠠᠯᠳᠤᠨ ᠠᠪᠬᠤ︾  ᠠᠷᠭ᠎ᠠ ᠪᠠᠷ  ᠡᠮ ᠤᠨ  ᠵᠦᠢᠯᠡᠰ   ᠤᠨ  ᠦᠨ᠎ᠡ ᠶᠢ ᠬᠢᠮᠳᠠᠷᠠᠭᠤᠯᠬᠤ ᠪᠠᠷ ᠪᠠᠶᠢᠨ᠎ᠠ᠃                             ᠲᠣᠰ ᠤᠳᠠᠭᠠᠨ ᠤ ᠲᠥᠪᠯᠡᠷᠡᠭᠦᠯᠦᠨ ᠤᠷᠤᠭᠤᠯᠬᠤ ᠲᠥᠷᠥᠯ ᠵᠣᠶᠢᠯ ᠳᠤ ᠴᠢᠰᠤᠨ ᠳᠠᠷᠤᠯᠲᠠ  ᠥᠨᠳᠥᠷ᠂  ᠬᠠᠷᠰᠢᠯ ᠢ ᠨᠠᠮᠳᠠᠭᠠᠬᠤ᠂  ᠬᠠᠯᠳᠠᠪᠤᠷᠢᠯᠠᠯ ᠢ  ᠠᠷᠭᠠᠴᠠᠭᠠᠬᠤ  ᠵᠡᠷᠭᠡ  ᠪᠠᠶᠢᠩᠭᠤ  ᠲᠣᠬᠢᠶᠠᠯᠳᠤᠳᠠᠭ   ᠡᠪᠡᠳᠴᠢᠨ᠂   ᠤᠳᠠᠭᠠᠨ   ᠴᠢᠨᠠᠷᠲᠠᠶ ᠡᠪᠡᠳᠴᠢᠨ ᠳᠤ ᠬᠡᠷᠡᠭᠯᠡᠬᠦ ᠡᠮ ᠪᠤᠯᠤᠨ ᠠᠭᠤᠰᠬᠢᠨ ᠥᠮᠡᠨ ᠵᠡᠷᠭᠡ  ᠬᠦᠨᠳᠦ  ᠡᠪᠡᠳᠴᠢᠨ ᠳᠤ  ᠬᠡᠷᠡᠭᠯᠡᠬᠦ  ᠡᠮ ᠤᠨ  ᠦᠨ᠎ᠡ ᠶᠢ ᠳᠤᠮᠳᠠᠴᠢ ᠪᠠᠷ 56% ᠪᠠᠷ ᠬᠢᠮᠳᠠᠷᠠᠭᠤᠯᠬᠤ ᠶᠤᠮ ᠪᠠᠶᠢᠨ᠎ᠠ᠃              ᠶᠡᠷᠦᠳᠡ ᠶᠢᠨ ᠬᠡᠷᠡᠭᠯᠡᠳᠡᠭ ᠡᠮ ᠤᠨ ᠲᠠᠯ᠎ᠠ ᠪᠠᠷ᠂ ᠲᠦᠷᠭᠡᠨ  ᠴᠢᠨᠠᠷᠲᠠᠶ  ᠬᠤᠳᠣᠭᠤᠳᠣᠨ ᠤ  ᠰᠢᠷᠬᠠᠯᠠᠭ᠎ᠠ ᠶᠢ  ᠵᠠᠰᠠᠬᠤ ᠲᠠᠷᠢᠯᠭ᠎ᠠ ᠶᠢᠨ ᠰᠢᠩᠭᠡᠨ ᠢᠶᠠᠷ ᠵᠢᠱᠢᠶᠡᠯᠡᠪᠡᠯ᠂ ᠰᠢᠷᠬᠡᠭ ᠪᠦᠷᠢ ᠳᠡᠭᠡᠨ 65 ᠲᠥᠭᠦᠷᠢᠭ ᠪᠠᠶᠢᠭᠰᠠᠨ ᠠᠴᠠ ᠪᠠᠨ  ᠪᠠᠭᠤᠷᠠᠭᠠᠳ  4 ᠲᠥᠭᠦᠷᠢᠭ ᠣᠷᠴᠢᠮ ᠪᠣᠯᠵᠣ᠂ ᠨᠢᠭᠡ  ᠡᠮᠴᠢᠯᠡᠭᠡᠨ ᠤ  ᠦᠶᠡᠯᠡᠯ ᠤᠨ  ᠬᠤᠭᠤᠴᠠᠭᠠᠨ ᠳᠤ  610  ᠲᠥᠭᠦᠷᠢᠭ   ᠤᠨ  ᠡᠮ ᠤᠨ ᠵᠠᠷᠤᠳᠠᠯ ᠢ ᠠᠷᠪᠢᠯᠠᠬᠤ ᠪᠤᠯᠵᠠᠢ᠃ ᠰᠢᠬᠢᠷ ᠰᠢᠵᠢᠩ ᠡᠪᠡᠳᠴᠢᠨ ᠳᠤ ᠬᠡᠷᠡᠭᠯᠡᠬᠦ ᠰᠢᠨ᠎ᠡ ᠨᠢᠭᠡ  ᠦᠶ᠎ᠡ ᠶᠢᠨ  ᠡᠮ ᠤᠨ  ᠦᠨ᠎ᠡ ᠶᠢ 62% ᠢᠶᠠᠷ ᠬᠢᠮᠳᠠᠷᠠᠭᠤᠯᠵᠦ᠂ ᠰᠠᠷ᠎ᠠ ᠶᠢᠨ ᠵᠠᠷᠤᠳᠠᠯ ᠢ 225 ᠲᠥᠭᠦᠷᠢᠭ ᠠᠴᠠ 90 ᠲᠥᠭᠦᠷᠢᠭ ᠠᠴᠠ ᠳᠣᠷᠣᠭᠰᠢ  ᠪᠣᠯᠲᠠᠯ᠎ᠠ ᠬᠢᠮᠳᠠᠷᠠᠭᠤᠯᠬᠤ ᠶᠤᠮ ᠪᠠᠶᠢᠨ᠎ᠠ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号