ᠤᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠬᠠᠭ᠍ᠭᠠᠵᠦ ᠂ ᠴᠠᠭ ᠲᠣᠬᠠᠢ ᠳᠤ ᠨᠢ ᠬᠠᠷᠢᠭᠤ ᠦᠭᠭᠦᠭᠦ ᠬᠡᠷᠡᠭᠲᠡᠢ
ᠨᠡᠶᠢᠲᠡᠯᠡᠭᠰᠡᠨ ᠴᠠᠭ᠄
2022/1/29
      ᠬᠥᠲᠥᠯᠥᠭᠴᠢ᠄ ᠮᠠᠨ ᠤ ᠲᠣᠭᠤᠷᠢᠭ ︽ᠤᠶᠤᠨᠲᠤ ᠬᠥᠨᠳᠡᠯᠡᠨ︾ ᠸᠢᠴᠠᠲ ᠤᠨ ᠣᠯᠡᠨ ᠨᠡᠶᠢᠲᠡ ᠶᠢᠨ ᠳ᠋ᠤᠭᠠᠷ ᠢ ᠨᠡᠪᠲᠡᠷᠡᠭᠦᠯᠦᠭᠰᠡᠨ ᠨᠢ ᠶᠠᠮᠠᠷ ᠦᠢᠯᠡᠳᠦᠯ ᠪᠠ ᠠᠴᠢ ᠬᠤᠯᠪᠣᠭᠳᠠᠯ ᠲᠠᠢ ᠪᠣᠶ︖       ᠵᠣᠴᠢᠨ᠄ ︽ᠤᠶᠤᠨᠲᠤ ᠬᠥᠨᠳᠡᠯᠡᠨ︾ ᠸᠢᠴᠠᠲ ᠤᠨ ᠣᠯᠡᠨ ᠨᠡᠶᠢᠲᠡ ᠶᠢᠨ ᠳ᠋ᠤᠭᠠᠷ ᠪᠣᠯ ᠮᠠᠨ ᠤ ᠲᠣᠭᠤᠷᠢᠭ ᠎ ᠤᠨ ︽ᠠᠷᠠᠳ ᠤᠨ ᠬᠦᠰᠡᠯ ᠱᠠᠭᠠᠷᠳᠠᠯᠭ᠎ᠠ ᠳᠤ ᠵᠠᠪᠠᠯ ᠬᠠᠷᠢᠭᠤ ᠦᠭᠭᠦᠭᠦ︾ ᠲᠦᠷᠭᠡᠨ ᠲᠣᠭᠲᠠᠴᠠ ᠶᠢᠨ ᠪᠠᠶᠢᠭᠤᠯᠤᠯᠲᠠ ᠶᠢᠨ ᠨᠢᠭᠡ ᠵᠦᠢᠯ ᠤᠨ ᠪᠣᠳᠠᠲᠠᠶ ᠠᠷᠭ᠎ᠠ ᠬᠡᠮᠵᠢᠶ᠎ᠡ ᠪᠣᠯᠤᠨ᠎ᠠ᠃ ᠣᠯᠠᠨ ᠲᠦᠮᠡᠨ ᠠᠷᠠᠳ ᠤᠨ ᠠᠮᠢᠳᠤᠷᠠᠯ ᠤᠨ ᠠᠰᠠᠭᠤᠳᠠᠯ ᠢ ᠭᠤᠤᠯᠳᠠᠭᠤ 12345 ᠬᠤᠲᠠ ᠶᠢᠨ ᠳᠠᠷᠤᠭ᠎ᠠ ᠶᠢᠨ ᠶᠠᠭᠠᠷᠠᠯᠲᠠᠢ ᠤᠲᠠᠰᠤ ᠪᠠ ᠡᠯ᠎ᠡ ᠰᠠᠯᠠᠭ᠎ᠠ ᠮᠥᠴᠢᠷ ᠤᠨ ᠠᠵᠢᠯ ᠲᠥᠷᠥᠯ ᠤᠨ ᠶᠠᠭᠠᠷᠠᠯᠲᠠᠢ ᠤᠲᠠᠰᠤ ᠪᠠᠷ ᠲᠠᠮᠵᠢᠨ ᠲᠣᠰᠬᠠᠳᠠᠭ᠂ ᠵᠠᠷᠢᠮ ᠦᠶ᠎ᠡ ᠳᠤ ᠣᠯᠠᠨ ᠲᠦᠮᠡᠨ ᠡᠷᠭᠢᠯᠡᠨ ᠬᠠᠮᠢᠶᠠᠷᠬᠤ ᠨᠢᠭᠡᠴᠢ ᠶᠢᠨ ᠡᠭᠦᠷᠭᠡ ᠴᠢᠳᠠᠪᠤᠷᠢ ᠶᠢ ᠣᠶᠢᠯᠠᠭᠠᠬᠤ ᠥᠬᠡᠶ ᠠᠴᠠ ᠪᠣᠯᠵᠣ᠂ ᠵᠥᠪᠬᠡᠨ ᠠᠰᠠᠭᠤᠳᠠᠯ ᠢ ᠯᠠᠪᠯᠠᠬᠤ ᠳᠤ ᠣᠯᠠᠨᠳᠠ ᠤᠲᠠᠰᠤ ᠠᠪᠴᠤ᠂ ᠣᠯᠠᠨ ᠰᠠᠯᠠᠭ᠎ᠠ ᠮᠥᠴᠢᠷ ᠲᠤ ᠣᠴᠢᠬᠤ ᠬᠡᠷᠡᠭᠲᠡᠶ ᠪᠠᠶᠢᠳᠠᠭ᠂ ᠲᠡᠷᠡᠴᠢᠯᠡᠨ ᠪᠡᠭᠡᠵᠢᠩ᠂ ᠭᠤᠸᠠᠩᠵᠧᠦ ᠵᠡᠷᠭᠡ ᠲᠡᠷᠢᠭᠦᠨ ᠤ ᠣᠷᠣᠨ ᠬᠤᠲᠠ ᠶᠢᠨ ᠶᠠᠭᠠᠷᠠᠯᠲᠠᠢ ᠤᠲᠠᠰᠤ ᠶᠢ ᠪᠤᠳᠤᠪᠠᠯ᠂ ᠣᠯᠠᠨ ᠲᠦᠮᠡᠨ ᠤ ᠠᠰᠠᠭᠤᠳᠠᠯ ᠢ ᠲᠤᠰᠬᠠᠬᠤ ᠨᠢ ᠬᠠᠷᠢᠴᠠᠩᠭᠤᠶ ᠪᠠᠷ ᠨᠡᠯᠢᠶᠡᠳ ᠴᠥᠭᠡᠨ ᠪᠠᠶᠢᠳᠠᠭ᠃ ᠦᠢᠯᠡᠴᠢᠯᠡᠭᠡᠨ ᠤ ᠴᠢᠳᠠᠪᠤᠷᠢ ᠪᠠᠨ ᠳᠡᠭᠡᠭᠰᠢᠯᠡᠭᠦᠯᠵᠦ᠂ ᠵᠠᠭᠠᠯᠳᠤᠬᠤ ᠪᠠᠷᠢᠮᠵᠢᠶ᠎ᠠ ᠪᠠᠨ ᠤᠯᠠᠮ ᠨᠢᠭᠡ ᠠᠯᠬᠤᠮ ᠪᠠᠭᠤᠷᠠᠭᠤᠯᠬᠤ ᠶᠢᠨ ᠲᠥᠯᠥᠭᠡ᠂ ᠤᠶᠤᠨᠲᠤ ᠬᠥᠨᠳᠡᠯᠡᠨ ᠸᠢᠴᠠᠲ ᠤᠨ ᠲᠠᠪᠴᠠᠩ ᠢ ᠨᠡᠭᠡᠭᠡᠵᠦ᠂ ᠣᠯᠠᠨ ᠲᠦᠮᠡᠨ ᠲᠠᠢ ᠨᠢᠭᠲᠠ ᠬᠠᠷᠢᠯᠴᠠᠵᠤ ᠦᠢᠯᠡᠴᠢᠯᠡᠬᠦ ᠪᠠᠷ ᠵᠣᠷᠢᠯᠲᠠ ᠪᠣᠯᠭᠠᠨ᠂ ᠣᠯᠠᠨ ᠲᠦᠮᠡᠨ ᠤ ᠠᠩᠬᠠᠷᠴᠤ ᠪᠠᠶᠢᠭ᠎ᠠ ᠬᠠᠯᠠᠮᠰᠢᠯ ᠠᠰᠠᠭᠤᠳᠠᠯ ᠪᠠ ᠬᠦᠴᠢᠷ ᠠᠰᠠᠭᠤᠳᠠᠯ ᠢ ᠦᠨᠡᠨ ᠬᠦ ᠰᠢᠢᠳᠪᠣᠷᠢᠯᠡᠬᠦ ᠪᠠᠷ ᠵᠣᠷᠢᠯᠭ᠎ᠠ ᠪᠣᠯᠭᠠᠨ ᠨᠡᠭᠡᠭᠡᠨ ᠬᠡᠷᠡᠭᠯᠡᠵᠦ᠂ ᠪᠥᠬᠦ ᠲᠣᠭᠤᠷᠢᠭ ᠤᠨ ᠰᠠᠭᠤᠭᠠᠯᠢ ᠠᠷᠠᠳ ᠤᠨ ᠨᠡᠶᠢᠭᠡᠮ ᠤᠨ ᠪᠠᠶᠢᠳᠠᠯ ᠪᠠ ᠠᠷᠠᠳ ᠤᠨ  ᠰᠠᠨᠡᠯ ᠶᠢ ᠢᠯᠡᠳᠬᠡᠬᠦ᠂ ᠰᠢᠢᠳᠪᠣᠷᠢᠯᠡᠬᠦ ᠪᠠ ᠬᠠᠷᠢᠭᠤ ᠲᠤᠰᠬᠠᠬᠤ ᠠᠷᠭ᠎ᠠ ᠵᠠᠮ ᠢ ᠰᠢᠯᠤᠭᠤᠳᠬᠠᠬᠤ ᠳᠤ ᠤᠯᠠᠮ ᠨᠢᠭᠡ ᠠᠯᠬᠤᠮ ᠳᠡᠮᠵᠢᠯᠭᠡ ᠦᠵᠡᠭᠦᠯᠪᠡ᠃      ᠬᠥᠲᠥᠯᠥᠭᠴᠢ᠄ ︽ᠤᠶᠤᠨᠲᠤ ᠬᠥᠨᠳᠡᠯᠡᠨ︾ ᠸᠢᠴᠠᠲ ᠤᠨ ᠣᠯᠠᠨ ᠨᠡᠶᠢᠲᠡ ᠶᠢᠨ ᠳ᠋ᠤᠭᠠᠷ ᠢᠶᠠᠷ ᠳᠠᠮᠵᠢᠭᠤᠯᠤᠨ ᠂ ᠣᠯᠠᠨ ᠲᠦᠮᠡᠨ ᠶᠠᠮᠠᠷ ᠠᠰᠠᠭᠤᠳᠠᠯ ᠢ ᠲᠤᠰᠬᠠᠵᠤ ᠴᠢᠳᠠᠬᠤ ᠪᠣᠶ︖       ᠵᠣᠴᠢᠨ᠄ ︽ᠤᠶᠤᠨᠲᠤ ᠬᠥᠨᠳᠡᠯᠡᠨ︾ ᠸᠢᠴᠠᠲ ᠤᠨ ᠣᠯᠠᠨ ᠨᠡᠶᠢᠲᠡ ᠶᠢᠨ ᠳ᠋ᠤᠭᠠᠷ ᠨᠢ ᠥᠷᠭᠡᠨ ᠣᠯᠠᠨ ᠠᠷᠠᠳ ᠲᠦᠮᠡᠨ ᠤ ᠬᠦᠰᠡᠯ ᠱᠠᠭᠠᠷᠳᠠᠯᠭ᠎ᠠ ᠶᠢ ᠭᠥᠯᠢᠶᠡᠨ ᠠᠪᠴᠤ ᠰᠢᠢᠳᠪᠣᠷᠢᠯᠡᠨ᠎ᠡ᠃ ᠭᠤᠣᠯ ᠬᠦᠯᠢᠶᠡᠨ ᠠᠪᠴᠤ ᠰᠢᠢᠳᠪᠣᠷᠢᠯᠡᠬᠦ ᠨᠢ᠄ ᠨᠢᠭᠡ ᠳᠤ ᠬᠤᠯᠪᠣᠭᠳᠠᠯ ᠪᠦᠬᠦᠢ ᠲᠦᠷᠦ ᠶᠢᠨ ᠪᠤᠳᠤᠯᠭ᠎ᠠ ᠬᠠᠤᠯᠢ ᠲᠣᠭᠲᠠᠭᠠᠯ᠂ ᠬᠡᠷᠡᠭ ᠡᠷᠬᠢᠯᠡᠬᠦ ᠶᠠᠪᠤᠴᠠ ᠵᠢᠴᠢ ᠤᠯᠠᠨ ᠨᠡᠶᠢᠲᠡ ᠶᠢᠨ ᠦᠢᠯᠡᠴᠢᠯᠡᠭᠡᠨ ᠤ ᠮᠡᠳᠡᠭᠡ ᠵᠠᠩᠭᠢ ᠶᠢᠨ ᠯᠠᠪᠯᠡᠯᠲᠠ ᠪᠣᠯᠣᠨ᠎ᠠ᠃ ᠬᠤᠶᠠᠷ ᠲᠤ ᠣᠯᠠᠨ ᠲᠦᠮᠡᠨ ᠤ ᠡᠳᠦᠷ ᠲᠤᠲᠤᠮ ᠤᠨ ᠠᠮᠢᠳᠤᠷᠠᠯ ᠢ ᠨᠥᠯᠥᠭᠡᠯᠡᠵᠦ ᠪᠠᠶᠢᠭ᠎ᠠ ᠭᠡᠨᠡᠳᠲᠡ ᠶᠢᠨ ᠴᠢᠨᠠᠷᠲᠠᠶ ᠠᠰᠠᠭᠤᠳᠠᠯ ᠪᠠ ᠴᠠᠭᠳᠠᠭᠠᠨ ᠤ ᠪᠤᠰᠤ ᠲᠥᠷᠥᠯ ᠤᠨ ᠶᠠᠪᠤᠳᠠᠯ ᠤᠨ ᠲᠤᠰᠠᠯᠠᠮᠵᠢ ᠤᠨ ᠦᠢᠯᠡᠴᠢᠯᠡᠭᠡ ᠪᠣᠯᠣᠨ᠎ᠠ᠃ ᠭᠤᠷᠪᠠ ᠳᠤ ᠵᠠᠰᠠᠭ ᠤᠨ ᠣᠷᠳᠣᠨ ᠤ ᠣᠯᠠᠨ ᠨᠡᠶᠢᠲᠡ ᠶᠢᠨ ᠬᠠᠮᠢᠶᠠᠷᠤᠯᠲᠠ᠂ ᠣᠯᠠᠨ ᠨᠡᠶᠢᠲᠡ ᠶᠢᠨ ᠦᠢᠯᠡᠴᠢᠯᠡᠭᠡ᠂ ᠬᠤᠲᠠ ᠶᠢᠨ ᠪᠥᠲᠥᠭᠡᠨ ᠪᠠᠶᠢᠭᠤᠯᠤᠯᠲᠠ ᠪᠠ ᠠᠵᠤ ᠠᠬᠤᠶ ᠨᠡᠶᠢᠭᠡᠮ ᠤᠨ ᠬᠥᠭᠵᠢᠯᠲᠡ ᠳᠤ ᠬᠤᠯᠪᠣᠭᠳᠠᠭᠰᠠᠨ ᠵᠠᠭᠠᠯᠳᠤᠯᠭ᠎ᠠ᠂ ᠢᠯᠡᠴᠢᠯᠡᠨ ᠮᠡᠳᠡᠭᠦᠯᠦᠯᠲᠡ ᠪᠠ ᠰᠠᠨᠠᠯ ᠰᠠᠨᠠᠭᠤᠯᠭ᠎ᠠ ᠵᠡᠷᠭᠡ ᠪᠣᠯᠤᠨ᠎ᠠ᠃ ᠲᠦᠷᠪᠡ ᠳᠤ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠠᠵᠢᠯᠳᠠᠨ ᠤ ᠠᠵᠢᠯ ᠤᠨ ᠦᠷ᠎ᠡ ᠪᠦᠲᠦᠮᠵᠢ᠂ ᠦᠢᠯᠡᠴᠢᠯᠡᠬᠦ ᠣᠪᠣᠷ᠂ ᠠᠵᠢᠯ ᠤᠨ ᠰᠤᠷᠲᠠᠯ ᠵᠡᠷᠭᠡ ᠲᠠᠯ᠎ᠠ ᠪᠠᠷ ᠬᠢ ᠵᠠᠭᠠᠯᠳᠤᠯᠭ᠎ᠠ ᠪᠠ ᠢᠯᠡᠴᠢᠯᠡᠨ ᠮᠡᠳᠡᠭᠦᠯᠦᠯᠲᠡ ᠪᠣᠯᠣᠨ᠎ᠠ᠃ ᠲᠠᠪᠤ ᠳᠤ ᠵᠠᠰᠠᠭ ᠤᠨ ᠣᠷᠳᠣᠨ ᠤ ᠰᠠᠯᠠᠭ᠎ᠠ ᠮᠥᠴᠢᠷ ᠵᠢᠴᠢ ᠣᠯᠠᠨ ᠨᠡᠶᠢᠲᠡ ᠶᠢᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠶᠢᠨ ᠬᠠᠩᠭᠠᠬᠤ ᠶᠣᠰᠣᠲᠠᠶ ᠪᠤᠰᠤᠳ ᠦᠢᠯᠡᠴᠢᠯᠡᠭᠡᠨ ᠤ ᠵᠣᠶᠢᠯᠡᠰ ᠲᠤ ᠬᠠᠷᠢᠶᠠᠯᠠᠭᠳᠠᠨ᠎ᠠ᠃      ᠬᠥᠲᠥᠯᠥᠭᠴᠢ᠄ ᠣᠯᠠᠨ ᠲᠦᠮᠡᠨ ᠬᠡᠷᠬᠢᠨ ᠸᠢᠴᠠᠲ ᠤᠨ ᠣᠯᠠᠨ ᠨᠡᠶᠢᠲᠡ ᠶᠢᠨ ᠳ᠋ᠤᠭᠠᠷ ᠢᠶᠠᠷ ᠲᠠᠮᠵᠢᠨ ᠭᠤᠮᠣᠳᠠᠯ ᠪᠠ ᠱᠠᠭᠠᠷᠳᠠᠯᠭ᠎ᠠ ᠪᠠᠨ ᠲᠤᠰᠬᠠᠬᠤ ᠪᠣᠶ︖      ᠵᠣᠴᠢᠨ᠄ ᠡᠩ ᠲᠡᠷᠢᠭᠦᠨ ᠳᠤ᠂ ︽ᠤᠶᠤᠨᠲᠤ ᠬᠥᠨᠳᠡᠯᠡᠨ︾ ᠸᠢᠴᠠᠲ ᠤᠨ ᠨᠡᠶᠢᠲᠡ ᠶᠢᠨ ᠳ᠋ᠤᠭᠠᠷ ᠢ ᠠᠩᠬᠠᠷᠴᠤ᠂ ᠳᠠᠷᠠᠭ᠎ᠠ ᠨᠢ ᠬᠠᠮᠤᠭ ᠤᠨ ᠪᠠᠷᠠᠭᠤᠨ ᠲᠠᠯ᠎ᠠ ᠶᠢᠨ ᠬᠤᠪᠢ ᠬᠥᠮᠦᠨ ᠤ ᠲᠥᠪ ᠢ ᠡᠷᠢᠨ ᠣᠯᠵᠤ᠂ ᠥᠪᠡᠷ ᠤᠨ ᠬᠠᠷᠢᠶᠠᠯᠠᠭᠳᠠᠬᠤ ᠰᠦᠯᠵᠢᠶᠡᠨ ᠤ ᠲᠠᠰᠤᠯᠪᠤᠷᠢ ᠪᠠᠨ ᠰᠣᠩᠭᠤᠵᠤ᠂ ᠬᠠᠷᠢᠶᠠᠯᠠᠭᠳᠠᠬᠤ ᠰᠦᠯᠵᠢᠶᠡᠨ ᠤ ᠲᠠᠰᠤᠯᠪᠤᠷᠢ ᠪᠠᠨ ᠨᠡᠮᠡᠨ᠎ᠡ᠃ ᠥᠪᠡᠷ ᠤᠨ ᠰᠦᠯᠵᠢᠶᠡᠨ ᠤ ᠲᠠᠰᠤᠯᠪᠤᠷᠢ ᠳᠤ ᠣᠷᠣᠪᠠᠯ ᠳᠠᠷᠤᠶ ᠥᠪᠡᠷ ᠤᠨ ᠪᠠᠶᠢᠭ᠎ᠠ ᠰᠦᠯᠵᠢᠶᠡᠨ ᠤ ᠲᠠᠰᠤᠯᠪᠤᠷᠢ ᠶᠢᠨ ᠤᠰᠤ ᠴᠠᠬᠢᠯᠭᠠᠨ ᠳᠤᠯᠠᠭᠠᠯᠠᠭ᠎ᠠ᠂ ᠠᠳᠠᠯ ᠠᠬᠤᠶ ᠵᠡᠷᠭᠡ ᠶᠢᠨ ᠣᠲᠠᠰᠣᠨ ᠨᠣᠮᠧᠷ ᠢ ᠡᠷᠢᠵᠣ ᠠᠰᠠᠭᠤᠨ ᠯᠠᠪᠯᠠᠵᠤ ᠪᠣᠯᠤᠨ᠎ᠠ᠃ ᠡᠭᠦᠨ ᠳᠤ ᠬᠠᠮᠤᠭ ᠤᠨ ᠵᠡᠭᠦᠨ ᠲᠠᠯ᠎ᠠ ᠳᠤᠨᠢ ᠬᠤᠲᠠ ᠶᠢᠨ ᠠᠷᠠᠳ ᠲᠤ ᠦᠢᠯᠡᠴᠢᠯᠡᠬᠦ ᠲᠠᠪᠴᠡᠩ ᠪᠠᠶᠢᠵᠣ᠂ ᠳᠣᠲᠣᠷ᠎ᠠ ᠨᠢ ᠵᠥᠪᠯᠡᠯᠭᠡ ᠦᠭᠭᠦᠬᠦ ᠪᠠ ᠢᠯᠡᠴᠢᠯᠡᠨ ᠮᠡᠳᠡᠭᠦᠯᠬᠦ᠂ ᠰᠦᠯᠵᠢᠶᠡᠨ ᠤ ᠠᠵᠢᠯᠲᠠᠨ ᠢ ᠡᠷᠢᠬᠦ᠂ ᠬᠤᠪᠢ ᠬᠥᠮᠦᠨ ᠤ ᠬᠡᠷᠡᠭ ᠡᠷᠬᠢᠯᠡᠬᠦ ᠶᠢ ᠵᠥᠪᠰᠢᠶᠡᠷᠡᠬᠦ ᠵᠡᠷᠭᠡ ᠰᠣᠩᠭᠤᠯᠲᠠ ᠲᠠᠢ᠂ ᠳᠤᠮᠳᠠ ᠎ ᠨᠢ ᠵᠠᠰᠠᠭ ᠠᠵᠤ ᠠᠬᠤᠶᠢᠯᠠᠯ ᠢ ᠨᠡᠪᠲᠡᠷᠡᠭᠦᠯᠬᠦ᠂ ᠳᠣᠲᠣᠷ᠎ᠠ ᠪᠠᠨ ᠠᠵᠤ ᠠᠬᠤᠶᠢᠯᠠᠯ ᠤᠨ ᠠᠰᠠᠭᠤᠳᠠᠯ ᠢ ᠯᠠᠪᠯᠠᠬᠤ᠂ ᠠᠵᠤ ᠠᠬᠤᠶᠢᠯᠠᠯ ᠤᠨ ᠰᠠᠨᠠᠭᠤᠯᠭ᠎ᠠ ᠭᠠᠷᠭᠠᠬᠤ ᠵᠠᠭᠠᠯᠳᠤᠬᠤ᠂ ᠲᠥᠷᠥ ᠶᠢᠨ ᠪᠣᠳᠣᠯᠭ᠎ᠠ ᠶᠢᠨ ᠬᠦᠳᠣᠯᠣᠮᠵᠢ ᠪᠣᠯᠭᠠᠬᠤ ᠵᠡᠷᠭᠡ ᠠᠰᠠᠭᠤᠳᠠᠯ ᠲᠠᠢ ᠪᠠᠶᠢᠳᠠᠭ᠃ ᠣᠯᠠᠨ ᠲᠦᠮᠡᠨ ᠢ ᠥᠷᠭᠡᠨ ᠢᠶᠠᠷ ᠳᠠᠶᠢᠴᠢᠯᠠᠨ ᠣᠷᠣᠯᠴᠠᠭᠤᠯᠵᠤ᠂ ᠣᠯᠠᠨ ᠲᠦᠮᠡᠨ ᠤ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠭᠥᠯᠢᠶᠡᠨ ᠠᠪᠴᠤ᠂ ᠬᠤᠲᠠ ᠶᠢᠨ ᠬᠠᠮᠢᠶᠠᠷᠤᠯᠲᠠ ᠶᠢ ᠨᠠᠩ ᠥᠨᠳᠥᠷ ᠦᠷ᠎ᠡ ᠪᠦᠲᠦᠮᠵᠢᠲᠡᠶ ᠪᠣᠯᠭᠠᠬᠤ᠂ ᠨᠠᠷᠢᠯᠢᠬᠵᠢᠭᠤᠯᠬᠤ᠂ ᠪᠠᠶᠢᠩᠭᠤᠵᠢᠭᠤᠯᠬᠤ᠂ ᠳᠦᠷᠢᠮᠵᠢᠭᠦᠯᠬᠦ ᠶᠢ ᠠᠬᠢᠭᠤᠯᠤᠨ᠂ ᠪᠥᠬᠦ ᠲᠣᠭᠤᠷᠢᠭ ᠳᠤ ᠦᠢᠯᠡᠳᠪᠣᠷᠢᠯᠡᠯ ᠠᠮᠢᠳᠤᠷᠠᠯ ᠤᠨ ᠰᠠᠶᠢᠨ ᠰᠠᠶᠢᠬᠠᠨ ᠣᠷᠴᠢᠨ ᠲᠣᠭᠤᠷᠢᠨ ᠢ ᠪᠣᠶ ᠪᠣᠯᠭᠠᠵᠤ ᠥᠭᠭᠦᠨ᠎ᠡ᠃
 
ᠢᠷᠡᠯᠲᠡ᠄ ᠬᠦᠨᠳᠡᠯᠡᠨ ᠲᠣᠭᠤᠷᠢᠭ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号