ᠤᠷᠤᠭ ᠰᠠᠯᠤᠭᠰᠠᠨ ᠤ ᠰᠡᠭᠦᠯᠡᠷ᠂ ᠨᠥᠭᠦᠭᠡ ᠡᠲᠡᠭᠡᠳ‌ᠨᠢ ᠤᠷᠤᠭ ᠰᠠᠯᠬᠤ ᠠᠴᠠ ᠪᠠᠨ ᠡᠮᠣᠨ᠎ᠡ ᠡᠳ᠋ ᠬᠥᠷᠥᠩᠭᠡ ᠪᠠᠨ ᠰᠢᠯᠵᠢᠭᠦᠯᠦᠭᠰᠡᠨ ᠢ ᠣᠯᠵᠤ ᠮᠡᠳᠡᠪᠡᠯ᠂ ᠳᠠᠬᠢᠨ ᠬᠤᠪᠢᠳᠠᠨ ᠬᠤᠪᠢᠶᠠᠬᠤ ᠪᠠᠷ ᠵᠠᠭᠠᠯᠳᠤᠵᠤ ᠪᠣᠯᠤᠨ᠎ᠠ ᠦᠦ︖
ᠨᠡᠶᠢᠲᠡᠯᠡᠭᠰᠡᠨ ᠴᠠᠭ᠄
2022/10/30
       ᠬᠡᠷᠡᠭ ᠤᠨ ᠵᠢᠱᠢᠶ᠎ᠡ               2017 ᠣᠨ ᠳᠤ᠂ ᠱᠤᠤ ᠠᠪᠠᠭ᠋ᠠᠢ ᠴᠧᠨ ᠠᠪᠤᠭᠠᠢ ᠲᠠᠢ ᠤᠷᠤᠭ ᠰᠠᠯᠪᠠ᠃ 2021ᠣᠨ ᠳᠤ᠂ ᠡᠳ᠋ ᠬᠦᠷᠦᠩᠭᠡ ᠶᠢ ᠬᠤᠪᠢᠳᠠᠨ ᠬᠤᠪᠢᠶᠠᠬᠤ ᠠᠰᠠᠭᠤᠳᠠᠯ ᠠᠴᠠ ᠪᠤᠯᠵᠤ᠂ ᠱᠤᠤ ᠠᠪᠠᠭ᠋ᠠᠢ ᠰᠢᠭᠦᠬᠦ ᠬᠤᠷᠢᠶᠠᠨ ᠳᠤ ᠵᠠᠭᠠᠯᠳᠤᠪᠠ᠂  ᠱᠤᠤ‌ᠠᠪᠠᠭ᠋ᠠᠢ ᠶᠢᠨ ᠬᠡᠯᠡᠬᠦ ᠪᠠᠷ ᠤᠷᠤᠭ ᠰᠠᠯᠬᠤ ᠲᠤᠬᠠᠢ ᠶᠢᠨ ᠡᠳᠦᠷ᠂ ᠴᠧᠨ ᠠᠪᠤᠭᠠᠢ ᠠᠳᠠᠯᠢ ᠪᠤᠰᠤ ᠭᠠᠵᠠᠷ ᠠᠴᠠ  ᠨᠡᠶᠢᠳᠡ 33ᠲᠦᠮᠡᠨ ᠲᠥᠭᠦᠷᠢᠭ ᠵᠣᠭᠤᠰ ᠭᠠᠷᠭᠠᠵᠤ ᠠᠪᠤᠭᠰᠠᠨ ᠨᠢ ᠬᠠᠤᠯᠢ ᠪᠤᠰᠤ ᠪᠠᠷ ᠡᠳ᠋ ᠬᠦᠷᠦᠩᠭᠡ ᠪᠠᠨ‌‍ᠰᠢᠯᠵᠢᠭᠦᠯᠦᠭᠰᠡᠨ ᠬᠡᠷᠡᠭ ᠮᠦᠨ ᠂ ᠬᠠᠤᠯᠢ ᠴᠠᠭᠠᠵᠠ ᠳᠤ ᠲᠣᠭᠲᠠᠭᠠᠭᠰᠠᠨ ᠡᠳ᠋ ᠬᠦᠷᠦᠩᠭᠡ ᠶᠢ ᠳᠤᠲᠠᠭᠤ ᠬᠤᠪᠢᠶᠠᠵᠤ ᠥᠭᠬᠦ ᠪᠤᠶᠤ ᠬᠤᠪᠢᠶᠠᠵᠤ ᠥᠭᠬᠦ ᠦᠭᠡᠢ ᠪᠠᠶᠢᠪᠠᠯ ᠵᠣᠬᠢᠨ᠎ᠠ ᠭᠡᠲᠡᠭ ᠲᠤ ᠲᠤᠭᠠᠴᠢᠬᠲᠠᠨ᠎ᠠ᠂ ᠰᠢᠭᠦᠬᠦ  ᠬᠤᠷᠢᠶ᠎ᠡ ᠠᠴᠠ  ᠬᠤᠶᠠᠷ ᠲᠠᠯ᠎ᠠ ᠶᠢᠨ ᠬᠠᠮᠲᠤ ᠶᠢᠨ ᠡᠳ᠋ ᠬᠦᠷᠦᠩᠭᠡ ᠶᠢ ᠲᠤᠰ ᠲᠦᠷᠢᠮ ᠶᠣᠰᠣᠭᠠᠷ ᠳᠠᠬᠢᠨ ᠬᠤᠪᠢᠳᠠᠨ‌ᠬᠤᠪᠢᠶᠠᠬᠤ ᠶᠢ ᠱᠠᠭᠠᠷᠳᠠᠵᠠᠢ᠃ ᠱᠣᠣ ᠠᠪᠠᠭ᠋ᠠᠶ ᠶᠢᠨ ᠱᠠᠭᠠᠷᠳᠠᠯᠭ᠎ᠠ ᠬᠠᠤᠯᠢ ᠳᠤ ᠨᠡᠶᠢᠴᠡᠨ᠎ᠡ ᠦᠦ︖               ᠬᠠᠤᠯᠢ ᠢᠶᠠᠷ ᠲᠠᠶᠢᠯᠪᠤᠷᠢᠯᠠᠬᠤ ᠨᠢ            ᠬᠠᠤᠯᠢ ᠳᠤ ᠨᠡᠶᠢᠴᠡᠨ᠎ᠡ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠶᠡᠷᠡᠨ ᠬᠤᠶᠠᠳᠤᠭᠠᠷ ᠵᠦᠢᠯ ᠳᠤ᠂ ᠡᠷ᠎ᠡ ᠡᠮ᠎ᠡ ᠬᠤᠶᠠᠭᠤᠯᠠ ᠶᠢᠨ ᠨᠢᠭᠡ ᠡᠲᠡᠭᠡᠳ ᠨᠢ ᠡᠷ᠎ᠡ ᠡᠮ᠎ᠡ ᠬᠤᠶᠠᠭᠤᠯᠠ ᠶᠢᠨ ᠬᠠᠮᠲᠤ ᠶᠢᠨ ᠡᠳ᠋ ᠬᠦᠷᠦᠩᠭᠡ ᠶᠢ ᠨᠢᠭᠤᠨ ᠳᠠᠯᠳᠠᠯᠠᠭᠰᠠᠨ᠂ᠰᠢᠯᠵᠢᠭᠦᠯᠦᠭᠰᠡᠨ᠂ ᠬᠤᠳᠠᠯᠳᠤᠭᠰᠠᠨ᠂ ᠡᠪᠳᠡᠵᠦ ᠰᠦᠢᠳᠬᠡᠭᠰᠡᠨ᠂ ᠪᠦᠷᠢᠯᠭᠡᠭᠰᠡᠨ ᠪᠤᠶᠤ ᠡᠷ᠎ᠡ  ᠡᠮ᠎ᠡ   ᠬᠤᠶᠠᠭᠤᠯᠠ ᠵᠢᠨ‌ᠬᠠᠮᠲᠤ ᠶᠢᠨ ᠦᠷᠢ ᠥᠭᠴᠡᠭᠡ ᠶᠢ ᠬᠠᠭᠤᠷᠮᠠᠭᠯᠠᠨ ᠵᠣᠬᠢᠶᠠᠵᠤ ᠨᠦᠬᠦᠭᠡ ᠡᠲᠡᠭᠡᠳ ᠤᠨ ᠢᠶᠠᠨ ᠡᠳ᠋ ᠬᠦᠷᠦᠩᠭᠡ ᠶᠢ ᠡᠵᠡᠯᠡᠨ‌ᠠᠪᠬᠤ ᠪᠠᠷ ᠤᠷᠦᠯᠳᠦᠬᠰᠡᠠ  ᠪᠠᠶᠢᠪᠠᠯ᠂  ᠤᠷᠤᠬ ᠰᠠᠯᠬᠤ  ᠦᠶ᠎ᠡ ᠳᠤ ᠡᠷ᠎ᠡ ᠡᠮ᠎ᠡ ᠬᠤᠶᠠᠭᠤᠯᠠ ᠶᠢᠨ ᠬᠠᠮᠲᠤ ᠶᠢᠨ ᠡᠳ᠋‌‍ᠬᠦ᠋ᠷᠦᠩᠭᠡ ᠶᠢ ᠬᠤᠪᠢᠳᠠᠨ ᠬᠤᠪᠢᠶᠠᠬᠤ ᠳᠠᠭᠠᠨ ᠲᠤᠰ ᠡᠲᠡᠭᠡᠳ ᠲᠤ ᠳᠤᠲᠠᠭᠤ ᠬᠤᠪᠢᠶᠠᠵᠤ ᠥᠭᠬᠦ ᠪᠤᠶᠤ ᠬᠤᠪᠢᠶᠠᠵᠤ ᠥᠭᠬᠦ ᠤᠢᠭᠡᠢ ᠪᠠᠶᠢᠵᠤ ᠪᠣᠯᠤᠨ᠎ᠠ ᠭᠡᠵᠦ ᠲᠣᠭᠲᠠᠭᠠᠵᠠᠢ᠃ ᠤᠷᠤᠬ ᠰᠠᠯᠤᠭᠰᠠᠨ ᠤ ᠲᠡᠷᠠᠭ᠎ᠠ᠂ ᠨᠦᠬᠦᠭᠡ ᠡᠲᠡᠭᠡᠳ ᠨᠢ ᠳᠡᠭᠡᠷ᠎ᠡ‌‍ᠲ᠋ᠤᠷᠠᠳᠤᠭᠰᠠᠨ ᠤᠢᠢᠯᠠ ᠠᠵᠢᠯᠯᠠᠭ᠎ᠠ ᠲᠠᠢ ᠪᠠᠶᠢᠬᠤ ᠶᠢ ᠣᠯᠵᠤ ᠮᠡᠳᠡᠪᠡᠯ᠂ ᠠᠷᠠᠳ ᠤᠨ ᠰᠢᠭᠦᠬᠦ  ᠬᠤᠷᠢᠶᠠᠨ ᠳᠤ  ᠵᠠᠭᠠᠯᠳᠤᠯᠭ᠎ᠠ‌ᠭᠠᠷᠭᠠᠵᠤ᠂ ᠡᠷ᠎ᠡ ᠡᠮ᠎ᠡ ᠬᠤᠶᠠᠭᠤᠯᠠ ᠶᠢᠨ ᠬᠠᠮᠲᠤ ᠶᠢᠨ ᠡᠳ᠋ ᠬᠦᠷᠦᠩᠭᠡ ᠶᠢ ᠲᠡᠬᠢᠵᠦ ᠬᠤᠪᠢᠳᠠᠨ ᠬᠤᠪᠢᠶᠠᠬᠤ ᠪᠠᠷ ᠭᠤᠶᠤᠴᠢᠯᠠᠵᠤ‌‍ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号