ᠠᠮᠢᠳᠣᠷᠠᠯ ᠳᠤ ᠳᠣᠱᠠ ᠪᠤᠯᠳᠠᠭ ᠠᠷᠪᠠᠨ ᠨᠠᠵᠠᠭᠠᠢ ᠳᠠᠳᠬᠠᠯ
ᠨᠡᠶᠢᠲᠡᠯᠡᠭᠰᠡᠨ ᠴᠠᠭ᠄
2022/11/26
      1. ᠶᠠᠭᠤᠮ᠎ᠠ ᠪᠦᠬᠦᠨ ᠪᠡᠯᠡᠨ ᠪᠤᠯᠤᠬᠰᠠᠨ ᠤ ᠬᠤᠶᠢᠨ᠎ᠠ ᠡᠬᠢᠯᠡᠬᠦᠯᠳᠡᠭ ᠢᠶᠠᠨ ᠪᠤᠯᠢ᠃ ᠠᠵᠠ ᠳᠣᠬᠢᠶᠠᠯ ᠵᠦᠪ ᠵᠦᠭᠡᠷ‌ᠡᠮᠦᠨ᠎ᠡ ᠴᠢᠨᠢ ᠢᠷᠡᠴᠢᠬᠡᠳᠡᠭ ᠪᠢᠰᠢ᠂ ᠬᠠᠷᠢᠨ ᠬᠦᠳᠡᠯᠮᠦᠷᠢᠯᠡᠵᠦ ᠪᠠᠶᠢᠵᠦ ᠠᠪᠴᠢᠷᠠᠳᠠᠭ ᠶᠤᠮ᠃  ᠡᠶᠢᠮᠦ ᠪᠤᠯᠬᠤᠷ ᠬᠦᠯᠢᠶᠡᠬᠡᠳ‌‍ᠰᠠᠭᠤᠬᠤ ᠶᠢᠨ ᠤᠷᠤᠨ ᠳᠤ ᠬᠦᠳᠡᠯᠵᠦ ᠪᠠᠢ᠃                     2. ᠰᠣᠷᠣᠯᠴᠠᠬᠤ ᠪᠠᠨ ᠪᠢᠳᠡᠬᠡᠢ ᠵᠤᠬᠰᠦ᠃ ᠰᠢᠨ᠎ᠡ ᠶᠢ ᠰᠣᠷᠬᠤ ᠦᠬᠡᠢ ᠪᠠᠶᠢᠬᠤ ᠴᠢᠨᠢ ᠶᠠᠭᠤᠮᠠᠨ ᠠᠴᠠ ᠬᠤᠴᠤᠷᠴᠦ‌‍ᠪᠠᠶᠢᠨ᠎ᠠ ᠯᠡ ᠬᠡᠰᠡᠨ ᠦᠬᠡ᠃ ᠮᠡᠳᠡᠯᠬᠡ ᠳᠤ ᠬᠢᠵᠠᠭᠠᠷ ᠪᠠᠶᠢᠳᠠᠭ ᠦᠬᠡᠢ ᠶᠢᠨ ᠤᠴᠢᠷ ᠴᠠᠭ ᠢᠮᠠᠬᠳᠠ  ᠰᠣᠷᠴᠦ  ᠰᠣᠳᠣᠯᠵᠦ ᠪᠠᠶᠢᠪᠠᠯ ᠦᠪᠡᠷ ᠢ ᠪᠠᠨ ᠵᠢᠩᠬᠢᠨᠢ ᠬᠦᠭᠵᠢᠬᠦᠯᠵᠦ ᠴᠢᠳᠠᠨ᠎ᠠ᠃                      3. ᠪᠤᠰᠤᠳ ᠢ ᠪᠢᠳᠡᠬᠡᠢ ᠰᠣᠬᠤᠷ ᠢᠶᠠᠷ ᠳᠠᠭᠤᠷᠢᠶᠠ᠃ ᠬᠦᠮᠦᠨ ᠪᠤᠯᠭᠠᠨ ᠳᠤ ᠦᠪᠡᠷ ᠦᠪᠡᠷ ᠤᠨ ᠬᠢᠨᠢ ᠠᠪᠢᠶᠠᠰ ᠪᠤᠶᠤ ᠴᠢᠳᠠᠬᠤ ᠴᠢᠳᠠᠬᠤ ᠦᠬᠡᠢ ᠵᠣᠶᠢᠯ ᠬᠡᠵᠦ ᠪᠠᠶᠢᠳᠠᠭ᠃ ᠡᠨᠡ ᠶᠢ ᠪᠠᠨ ᠯᠠ ᠪᠠᠳᠠᠷᠠᠭᠤᠯ᠂ ᠬᠠᠷᠢᠨ ᠰᠣᠬᠤᠷ ᠢᠶᠠᠷ  ᠪᠤᠰᠤᠳ ᠢ ᠳᠠᠭᠤᠷᠢᠶᠠᠭᠠᠳ᠂ ᠴᠠᠭ ᠢᠶᠠᠨ ᠦᠷᠡᠵᠦ ᠪᠡᠶ᠎ᠡ ᠪᠠᠨ ᠪᠠᠷᠠᠬᠤ ᠬᠡᠷᠡᠭ ᠠᠯᠠᠭ᠎ᠠ᠃                       4. ᠵᠠᠯᠠᠭᠤ ᠶᠢᠨ ᠨᠠᠮᠪᠠ ᠪᠠᠨ ᠪᠢᠳᠡᠬᠡᠢ ᠤᠷᠬᠢ᠃ ᠬᠦᠭᠰᠢᠨ ᠵᠠᠯᠠᠭᠤ ᠬᠡᠳᠡᠭ ᠵᠠᠷᠢᠮ ᠳᠠᠭᠠᠨ ᠨᠠᠰᠦ ᠵᠢᠯ ᠲᠠᠢ ᠬᠠᠮᠢᠶ᠎ᠠ‌ᠦᠬᠡᠢ ᠪᠠᠶᠢᠳᠠᠭ᠃ ᠬᠡᠵᠢᠶᠡᠳᠡ ᠵᠠᠯᠠᠭᠤ ᠬᠦᠮᠦᠨ ᠰᠢᠭ ᠴᠤᠭᠯᠢᠭ᠂ ᠶᠠᠭᠤᠨ ᠳᠤ ᠴᠦ ᠪᠠᠭᠤᠵᠦ ᠥᠭᠳᠡᠭ ᠦᠬᠡᠢ ᠂ ᠵᠤᠷᠢᠭᠳᠠᠢ ᠳᠠᠶᠢᠴᠢᠨ ᠬᠡᠪ ᠢᠶᠠᠷ ᠢᠶᠠᠨ ᠪᠠᠶᠢᠬᠤ ᠶᠢ ᠬᠢᠴᠢᠶᠡ᠃                    5. ᠳᠡᠮᠡᠢ ᠪᠠᠯᠠᠢ ᠴᠠᠭ ᠦᠷᠡᠬᠦ ᠪᠠᠨ ᠪᠤᠯᠢ᠃ ᠵᠣᠷᠢᠬᠰᠠᠨ ᠠᠵᠢᠯ ᠢᠶᠠᠨ ᠬᠦᠷᠡᠶᠢᠵᠦ ᠪᠠᠶᠢᠭᠠᠳ ᠵᠣᠷᠢᠬᠳᠠᠢ ᠬᠢ ᠂ ᠠᠯᠵᠢᠶᠠᠯ ᠴᠢᠯᠡᠭᠡ ᠴᠢᠨᠢ ᠠᠶᠠᠨᠳᠠᠭᠠᠨ ᠮᠠᠷᠳᠠᠬᠳᠠᠵᠦ᠂ ᠠᠮᠵᠢᠯᠳᠠ ᠶᠢᠨ ᠰᠠᠶᠢᠬᠠᠨ ᠮᠡᠳᠡᠷᠡᠮᠵᠢ ᠦᠪᠡᠷ ᠲᠤ ᠴᠢᠨᠢ ᠠᠮᠳᠠᠬᠳᠠᠬᠤ ᠴᠠᠭ‌‍ᠪᠤᠢ᠃ ᠡᠨᠡ ᠪᠣᠯ ᠰᠠᠶ᠋ᠢ ᠠᠮᠢᠳᠦ ᠶᠠᠪᠤᠬᠤ ᠶᠢᠨ ᠵᠢᠩᠬᠢᠨᠢ ᠤᠳᠬ᠎ᠠ ᠤᠴᠢᠷ ᠶᠤᠮ᠃                    6. ᠬᠡᠵᠢᠶᠡᠳᠡ ᠭᠤᠮᠣᠳᠠᠳᠠᠭ ᠢᠶᠠᠨ ᠪᠤᠯᠢ᠃ ᠪᠤᠰᠤᠳ ᠲᠤ ᠭᠤᠮᠣᠳᠠᠵᠦ ᠪᠤᠬᠢᠨᠢᠳᠣᠬᠤ ᠬᠡᠳᠡᠭ ᠶᠠᠭᠤ ᠶᠢ ᠴᠦ ᠰᠢᠢᠳᠪᠦᠷᠢᠯᠡᠵᠦ ᠦᠯᠦ ᠴᠢᠳᠠᠬᠤ ᠬᠠᠮᠤᠭ ᠤᠨ ᠬᠡᠷᠡᠭ ᠦᠬᠡᠢ  ᠵᠤᠶᠢᠯ᠂ ᠬᠠᠷᠢᠨ ᠠᠰᠠᠭᠤᠳᠠᠯ ᠢ ᠣᠯᠠᠮ ᠬᠦᠨᠳᠦᠷᠡᠬᠦᠯᠵᠦ ᠮᠡᠳᠡᠨ᠎ᠡ᠃ ᠢᠩᠬᠢᠵᠦ ᠪᠠᠶᠢᠬᠤ ᠶᠢᠨ ᠤᠷᠤᠨ ᠳᠤ ᠶᠠᠭᠤᠮ᠎ᠠ ᠶᠢ ᠦᠭᠡᠳᠡᠷᠬᠡᠭ ᠳᠠᠯ᠎ᠠ ᠠᠴᠠ ᠨᠢ ᠢᠯᠡᠬᠦᠦ ᠬᠠᠷᠠᠵᠦ᠂ ᠵᠦᠪ ᠡᠨ᠋ᠷᠧᠬᠢ ᠪᠤᠯᠭᠠᠨ ᠠᠰᠢᠬᠯᠠᠵᠦ ᠰᠣᠷ᠃                      7. ᠴᠢᠳᠠᠬᠤ ᠦᠬᠡᠢ ᠶᠠᠭᠤᠮ᠎ᠠ ᠠᠴᠠ ᠪᠢᠳᠡᠬᠡᠢ ᠬᠠᠯᠠᠰᠢᠷᠠ᠃ ᠰᠠᠨᠠᠬᠰᠠᠨ ᠰᠠᠨᠠᠭ᠎ᠠ ᠴᠢᠳᠠᠯ ᠠᠴᠠ ᠴᠢᠨᠢ ᠬᠡᠳᠦᠷᠡᠬᠦ ᠦᠶ᠎ᠡ ᠳᠤ ᠬᠦᠮᠦᠨ ᠬᠢᠮᠣᠷᠠᠵᠦ ᠡᠬᠢᠯᠡᠳᠡᠭ᠃ ᠪᠡᠯᠡᠨ ᠢ  ᠢᠳᠡᠬᠡᠳ ᠰᠣᠷᠴᠢᠬᠠᠬᠰᠠᠨ ᠬᠦᠮᠦᠨ ᠠᠮᠵᠢᠯᠳᠠ ᠶᠢᠨ ᠠᠷᠦ ᠳᠠᠬᠢ ᠵᠢᠷᠭᠠᠯ ᠤᠨ ᠠᠮᠳᠠ ᠶᠢ ᠮᠡᠳᠡᠳᠡᠭ ᠦᠬᠡᠢ᠃ ᠬᠠᠷᠢᠨ ᠴᠢᠳᠠᠬᠤ ᠦᠬᠡᠢ ᠶᠠᠭᠤᠮ᠎ᠠ ᠪᠠᠨ ᠵᠣᠷᠢᠬᠳᠠᠢ ᠣᠷᠣᠯᠳᠣᠵᠦ᠂ ᠨᠡᠩ ᠶᠡᠭᠡ ᠳᠤ ᠰᠠᠨᠠᠭ᠎ᠠ ᠳᠠᠯᠪᠢᠵᠦ ᠪᠠᠶᠢᠪᠠᠯ ᠵᠦᠭᠡᠷ᠃                    8. ᠪᠤᠷᠤᠭᠤᠳᠠᠬᠤ ᠠᠴᠠ ᠪᠢᠳᠡᠬᠡᠢ ᠠᠶᠤ᠃ ᠪᠤᠷᠤᠭᠤᠳᠠᠬᠤ ᠵᠦᠭᠡᠷ ᠡ᠂ ᠬᠠᠷᠢᠨ ᠶᠠᠭᠠᠬᠢᠵᠦ ᠪᠤᠷᠤᠭᠤᠳᠠᠬᠰᠠᠨ ᠵᠶ᠋ᠠᠨ‌ᠮᠡᠳᠡᠬᠦ ᠦᠬᠡᠢ ᠪᠠᠶᠢᠬᠤ ᠯᠠ ᠠᠰᠠᠭᠤᠳᠠᠯ ᠶᠤᠮ᠃ ᠬᠠᠷᠢᠨ ᠡᠨᠡ ᠨᠢ ᠠᠮᠢᠳᠣᠷᠠᠯ ᠳᠤ ᠴᠢᠨᠢ ᠳᠣᠷᠰᠢᠯᠭ᠎ᠠ ᠪᠤᠯᠵᠦ᠂  ᠳᠠᠷᠠᠭ᠎ᠠ‌ᠤᠳᠠᠭ᠎ᠠ ᠵᠦᠪ ᠬᠢᠬᠦ ᠳᠤ ᠴᠢᠨᠢ ᠳᠣᠰᠠᠯᠠᠳᠠᠭ᠃                      9. ᠪᠡᠶ᠎ᠡ ᠪᠠᠨ ᠬᠠᠭᠤᠷᠬᠤ ᠬᠡᠷᠡᠭ ᠦᠬᠡᠢ᠃ ᠪᠡᠶ᠎ᠡ ᠪᠠᠨ ᠬᠠᠭᠤᠷᠬᠤ ᠨᠢ ᠪᠤᠰᠤᠤᠨ ᠢ ᠬᠠᠭᠤᠷᠬᠤ ᠠᠴᠠ ᠠᠮᠠᠷᠬᠠᠨ᠂ᠬᠠᠷᠢᠨ ᠵᠠᠩᠰᠢᠴᠢᠬᠠᠪᠠᠯ ᠵᠠᠰᠠᠬᠤ ᠳᠤ ᠪᠡᠷᠬᠡ᠃ ᠦᠪᠡᠷ ᠢ ᠪᠠᠨ ᠵᠦᠪ ᠢᠶᠠᠷ ᠳᠠᠨᠢᠨ᠂ ᠡᠬᠦᠨ ᠢ ᠪᠠᠨ ᠮᠡᠳᠡᠷᠡᠵᠦ ᠂  ᠪᠡᠶ᠎ᠡ ᠪᠡᠨ‌ᠵᠠᠰᠠᠵᠦ ᠴᠢᠳᠠᠪᠠᠯ᠂ ᠠᠯᠤᠰ ᠤᠨ ᠬᠠᠷᠠᠭ᠎ᠠ ᠲᠠᠢ ᠵᠦᠪ ᠬᠦᠮᠦᠨ ᠪᠤᠯᠵᠦ ᠬᠦᠮᠦᠵᠢᠭᠳᠡᠨ᠎ᠡ᠃                     10. ᠦᠩᠭᠡᠷᠡᠭᠰᠡᠨ ᠢᠶᠠᠨ ᠮᠠᠷᠳᠠᠵᠦ ᠰᠣᠷ᠃ ᠪᠤᠯᠵᠦ ᠦᠩᠭᠡᠷᠡᠭᠰᠡᠨ ᠶᠠᠪᠤᠳᠠᠯ ᠢ ᠤᠷᠬᠢ᠃  ᠬᠠᠷᠢᠨ  ᠢᠷᠡᠬᠡᠳᠦᠢ ᠣᠷᠣᠭᠤ ᠪᠠᠨ ᠢᠯᠡᠬᠦᠦ ᠬᠠᠷᠠᠵᠦ ᠪᠠᠶᠢᠭᠠᠷᠠᠢ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号