︽ᠡᠵᠢ ᠡ᠂ ᠭᠠᠷ ᠲᠠᠬᠢ ᠰᠣᠨᠢᠨ ᠢᠶᠠᠨ ᠲᠡᠭᠡᠭᠰᠢ ᠪᠠᠨ ᠡᠷᠭᠦ᠂ ᠨᠠᠭᠠᠰᠢ ᠪᠠᠨ ᠬᠠᠷᠠᠭᠠᠴᠢ︕ ᠢᠨᠢᠶᠡᠵᠤ ᠪᠠᠢ︕ | ︾ 10 ᠰᠠᠷ᠎ᠠ ᠶᠢᠨ 22 ᠤᠨ ᠦᠳᠡ ᠶᠢᠨ ᠬᠤᠶᠢᠨᠠᠬᠢ 2᠄ 30 ᠲᠤ᠂ ᠵᠤᠤ ᠶᠢᠨ ᠲᠠᠯ᠎ᠠ ᠵᠡᠭᠡᠯᠢ ᠭᠤᠳᠤᠮᠵᠢ ᠶᠢᠨ | ᠠᠷᠠᠳ 10 # ᠨᠡᠶᠢᠭᠡᠮ ᠲᠣᠭᠤᠷᠢᠭ ᠤᠨ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠥᠷᠲᠡᠭᠡ ᠳᠤ | ᠂ ᠭᠡᠷᠡᠯ ᠵᠢᠷᠤᠭᠴᠢᠨ ᠯᠢ ᠽᠦᠩ ᠮᠢᠨ ᠨᠡᠶᠢᠭᠡᠮ ᠲᠣᠭᠤᠷᠢᠭ ᠤᠨ ᠨᠠᠰᠤᠲᠠᠶᠢᠴᠤᠳ ᠲᠤ ᠥᠨᠳᠥᠷ ᠨᠠᠰᠤᠨ ᠤ | ᠭᠡᠷᠡᠴᠢᠯᠡᠭᠡ ᠶᠢᠨ ᠭᠡᠷᠡᠯ ᠵᠢᠷᠤᠭ ᠲᠠᠲᠠᠵᠤ ᠥᠭᠴᠦ ᠶᠠᠭᠠᠷᠠᠨ᠎ᠠ᠃ ︽ᠬᠢᠵᠢᠭ ᠤᠨ ᠰᠢᠯᠲᠠᠭᠠᠨ ᠠᠴᠠ ᠪᠣᠯᠵᠣ᠂ ᠮᠢᠨᠦ | ᠬᠡᠷᠡᠯ ᠵᠢᠷᠤᠭ ᠤᠨ ᠭᠠᠵᠠᠷ ᠲᠦᠷ ᠴᠠᠭ ᠡᠭᠦᠳᠡ ᠪᠠᠨ ᠬᠠᠭᠠᠵᠠᠶ᠃ ᠪᠢ ᠨᠡᠶᠢᠭᠡᠮ ᠲᠣᠭᠤᠷᠢᠭ ᠲᠤ ᠪᠠᠰᠠ ᠮᠠᠰᠢ ᠣᠯᠠᠨ | ᠨᠠᠰᠤᠲᠠᠨ ᠥᠨᠳᠥᠷ ᠨᠠᠰᠤᠨ ᠤ ᠬᠡᠷᠡᠴᠢᠯᠡᠭᠡ ᠶᠢᠨ ᠬᠡᠷᠡᠯ ᠵᠢᠷᠤᠭ ᠢᠶᠠᠨ ᠲᠠᠳᠠᠭᠤᠯᠵᠤ ᠲᠡᠶᠢᠯᠦᠬᠡ ᠦᠭᠡᠢ ᠪᠠᠶᠢᠬᠤ ᠶᠢ | ᠮᠡᠳᠡᠵᠡᠢ᠂ ᠲᠡᠭᠡᠭᠡᠳ ᠲᠡᠳᠡᠨ ᠢ ᠬᠠᠪᠰᠤᠷᠤᠨ ᠬᠡᠷᠡᠯ ᠵᠢᠷᠤᠭ ᠲᠠᠳᠠᠵᠤ ᠦᠭᠬᠦᠶ᠎ᠡ ᠭᠡᠵᠦ ᠪᠣᠳᠣᠬᠰᠠᠨ᠂ ᠢᠩᠬᠢᠵᠤ ᠬᠢᠬᠦ | ᠨᠢ ᠨᠡᠶᠢᠭᠡᠮ ᠲᠣᠭᠤᠷᠢᠭ ᠲᠤ ᠥᠪᠡᠷ ᠤᠨ ᠨᠢᠭᠡ ᠬᠤᠪᠢ ᠬᠦᠴᠦ ᠪᠠᠨ ᠡᠷᠭᠦᠭᠰᠡᠨ ᠶᠠᠪᠤᠳᠠᠯ ᠪᠤᠯᠤᠨ᠎ᠠ ︾ ᠭᠡᠵᠦ ᠯᠢ | ᠽᠦᠩ ᠮᠢᠨ ᠬᠡᠯᠡᠪᠡ᠃ | | | ︽ᠬᠤᠷᠢᠶᠠᠯᠠᠯ ᠠᠴᠠ ᠭᠠᠷᠴᠤ ᠳᠡᠶᠢᠯᠬᠦ ᠦᠭᠡᠢ᠂ ᠦᠷ᠎ᠡ ᠬᠡᠦᠬᠡᠳ ᠴᠦ ᠳᠡᠷᠭᠡᠳᠡ ᠮᠢᠨᠢ ᠪᠠᠶᠢᠬᠤ ᠦᠭᠡᠢ᠂ ᠪᠢ | ᠲᠡᠷᠡ ᠭᠠᠷ ᠤᠲᠠᠰᠤ ᠶᠢ ᠴᠢᠨᠢ ᠪᠠᠰᠠ ᠬᠡᠷᠡᠭᠯᠡᠵᠦ ᠴᠢᠳᠠᠬᠤ ᠦᠭᠡᠢ᠂ ᠦᠨᠡᠬᠡᠷ ᠪᠠᠴᠢᠮᠳᠠᠬᠰᠠᠨ︾᠃ ᠰᠠᠶ᠋ᠢᠬᠠᠨ | ᠬᠡᠷᠡᠯ ᠵᠢᠷᠤᠭ ᠠᠪᠤᠭᠤᠯᠵᠤ ᠪᠠᠷᠠᠬᠰᠠᠨ ᠵᠧᠦ ᠱᠤ᠋ ᠹᠠᠩ ᠨᠠᠰᠤᠲᠠᠨ᠄ ︽ᠨᠡᠶᠢᠭᠡᠮ ᠲᠣᠭᠤᠷᠢᠭ ᠤᠨ ᠺᠠᠳ᠋ᠷ ᠮᠠᠨ ᠤ | ᠪᠠᠶᠢᠳᠠᠯ ᠢ ᠰᠣᠨᠣᠰᠤᠮᠠᠭᠴᠠ ᠭᠡᠷ ᠲᠤ ᠮᠢᠨᠢ ᠢᠷᠡᠪᠠ᠂ ᠨᠠᠳᠠ ᠳᠤ 4 ᠢᠮᠠᠬᠤ ᠶᠢᠨ ᠤᠯᠠᠭᠠᠨ ᠳᠡᠪᠢᠰᠬᠡᠷ ᠲᠠᠢ ᠬᠡᠷᠡᠯ | ᠵᠢᠷᠤᠭ ᠪᠠᠶᠢᠬᠤ ᠦᠭᠡᠢ ᠶᠢ ᠮᠠᠳᠡᠬᠡᠳ ᠲᠡᠳᠡ ᠲᠡᠷᠡ ᠲᠤᠤᠷ᠎ᠠ ᠨᠢ ᠡᠨᠡ ᠲᠦᠷ ᠴᠠᠭ ᠤᠨ ᠭᠡᠷᠡᠯ ᠵᠢᠷᠤᠭ ᠤᠨ ᠭᠠᠵᠠᠷ | ᠢ ᠲᠤᠬᠢᠷᠠᠭᠤᠯᠵᠠᠢ︕︾ ᠬᠡᠪᠡ᠃ | ᠣᠳᠣᠬᠠᠨ ᠳᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠠᠩᠭᠢᠯᠠᠭ᠎ᠠ ᠶᠢᠨ ᠬᠤᠭᠤᠴᠠᠭᠠᠨ ᠳᠤ | ᠣᠷᠣᠭᠠᠳ ᠪᠠᠶᠢᠨ᠎ᠠ᠂ ᠵᠠᠰᠠᠭ ᠤᠨ ᠣᠷᠳᠣᠨ ᠤ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢ | ᠰᠠᠶᠢᠲᠤᠷ ᠪᠣᠳᠠᠲᠠᠶ ᠬᠢᠵᠦ᠂ ᠬᠠᠷᠢᠶ᠎ᠠ ᠣᠷᠣᠨ ᠤ ᠳᠣᠲᠣᠷᠠᠬᠢ 80 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠤᠨ | ᠥᠨᠳᠥᠷ ᠨᠠᠰᠤᠨ ᠤ ᠨᠡᠮᠡᠭᠦᠷᠢ ᠮᠥᠩᠭᠦ ᠶᠢ ᠴᠠᠭ ᠲᠤᠬᠠᠶ ᠳᠤᠨᠢ ᠲᠤᠭ᠎ᠠ ᠶᠣᠰᠣᠭᠠᠷ ᠨᠢ ᠤᠯᠭᠤᠬᠤ ᠶᠢᠨ ᠲᠥᠯᠥᠭᠡ᠂ | ᠣᠶᠢᠷ᠎ᠠ ᠶᠢᠨ ᠡᠳᠦᠷ᠂ ᠵᠤᠤ ᠶᠢᠨ ᠲᠠᠯ᠎ᠠ ᠵᠡᠭᠡᠯᠢ ᠭᠤᠳᠤᠮᠵᠢ ᠶᠢᠨ ᠠᠷᠠᠳ 10 # ᠨᠡᠶᠢᠭᠡᠮ ᠲᠣᠭᠤᠷᠢᠭ ᠤᠨ | ᠠᠵᠢᠯᠲᠠᠨ ᠬᠢᠵᠢᠭ ᠤᠨ ᠪᠠᠶᠢᠳᠠᠯ ᠢ ᠡᠷᠦᠬᠡ ᠳᠤ ᠣᠷᠣᠵᠤ ᠣᠶᠢᠯᠠᠭᠠᠬᠤ ᠶᠢᠨ ᠬᠠᠮᠲᠤ᠂ ᠰᠠᠨᠠᠭᠠᠴᠢᠯᠠᠭ᠎ᠠ ᠠᠴᠠ ᠪᠠᠨ | ᠬᠥᠳᠡᠯᠵᠦ ᠪᠠᠷᠢᠬᠤ ᠳᠤ ᠳᠥᠭᠦᠮ ᠦᠭᠡᠢ᠂ ᠦᠷ᠎ᠡ ᠬᠡᠦᠬᠡᠳ ᠨᠢ ᠬᠠᠵᠠᠭᠤ ᠳᠤᠨᠢ ᠪᠠᠶᠢᠬᠤ ᠥᠬᠡᠶ ᠥᠨᠳᠥᠷ ᠨᠠᠰᠤᠨ ᠤ | ᠨᠠᠰᠤᠲᠠᠶᠢᠴᠤᠳ ᠤᠨ ᠬᠡᠷ ᠲᠤᠨᠢ ᠬᠦᠷᠴᠦ ᠬᠠᠪᠰᠤᠷᠤᠨ ᠳᠡᠩᠰᠡᠯᠡᠵᠦ᠂ ︽ᠨᠢᠬᠡ ᠬᠦᠮᠦᠨ ᠢ ᠴᠤ ᠤᠷᠬᠢᠬᠳᠠᠭᠤᠯᠬᠤ | ᠦᠬᠡᠢ︾ ᠪᠠᠷ ᠥᠨᠳᠥᠷ ᠨᠠᠰᠤᠨ ᠤ ᠨᠡᠮᠡᠭᠦᠷᠢ ᠮᠦᠩᠬᠦ ᠤᠯᠭᠤᠬᠤ ᠦᠨᠡᠮᠯᠡᠯ ᠢ ᠬᠦᠢᠴᠡᠳᠬᠡᠵᠤ ᠦᠭᠬᠦ ᠶᠢ | ᠪᠠᠲᠤᠯᠠᠪᠠ᠃ | | | ᠡᠬᠦᠳᠡᠨ ᠳᠤᠨᠢ ᠬᠦᠷᠴᠤ ᠦᠶᠯᠡᠴᠢᠯᠡᠬᠦ ᠨᠢ ᠥᠨᠳᠥᠷ ᠨᠠᠰᠤᠨ ᠤ ᠭᠡᠷᠡᠴᠢᠯᠡᠭᠡ ᠤᠨ ᠠᠰᠠᠭᠤᠳᠠᠯ ᠢ | ᠰᠢᠶᠳᠪᠦᠷᠢᠯᠡᠭᠰᠡᠨ ᠪᠣᠯᠪᠠᠴᠤ ᠪᠠᠰᠠ ᠰᠢᠨ᠎ᠡ ᠬᠦᠴᠢᠷ ᠠᠰᠠᠭᠤᠳᠠᠯ ᠳᠤ ᠲᠤᠯᠭᠠᠷᠠᠪᠠ᠂ ᠰᠢᠨ᠎ᠡ ᠪᠠᠷ ᠨᠡᠮᠡᠭᠳᠡᠭᠰᠡᠨ | ᠥᠨᠳᠥᠷ ᠨᠠᠰᠤᠨ ᠤ ᠨᠠᠰᠤᠲᠠᠶᠢᠴᠤᠳ ᠲᠤ 4 ᠢᠮᠠᠬᠤ ᠶᠢᠨ ᠤᠯᠠᠭᠠᠨ ᠲᠡᠪᠢᠰᠬᠡᠷ ᠲᠠᠢ ᠭᠠᠷ ᠲᠠᠭᠠᠨ ᠰᠣᠨᠢᠨ | ᠠᠳᠬᠤᠬᠰᠠᠨ ᠬᠡᠷᠡᠯ ᠵᠢᠷᠤᠭ ᠳᠤᠲᠠᠭᠳᠠᠵᠤ ᠪᠠᠶᠢᠨ᠎ᠠ᠃ ᠬᠢᠵᠢᠭ ᠤᠨ ᠪᠠᠶᠢᠳᠠᠯ ᠠᠴᠠ ᠪᠣᠯᠵᠤ᠂ ᠵᠠᠬ᠎ᠠ ᠳᠡᠯᠭᠡᠭᠦᠷ | ᠳᠡᠭᠡᠷᠡᠬᠢ ᠪᠤᠢ ᠪᠦᠬᠦᠢ ᠭᠡᠷᠡᠯ ᠵᠢᠷᠤᠭ ᠤᠨ ᠭᠠᠵᠠᠷ ᠴᠥᠮ ᠲᠦᠷ ᠴᠠᠭ ᠡᠬᠦᠳᠡ ᠪᠠᠨ ᠬᠠᠭᠠᠪᠠ᠃ ᠨᠡᠶᠢᠭᠡᠮ | ᠲᠣᠭᠤᠷᠢᠭ ᠤᠨ ᠰᠠᠭᠤᠭᠠᠯᠢ ᠠᠷᠠᠳ ᠯᠢ ᠽᠦᠩ ᠮᠢᠨ ᠪᠣᠯ ᠨᠢᠭᠡᠨ ᠬᠡᠷᠡᠯ ᠵᠢᠷᠤᠭ ᠤᠨ ᠭᠠᠵᠠᠷ ᠤᠨ ᠡᠵᠡᠩᠨᠡᠭᠴᠢ ᠶᠤᠮ᠂ | ᠡᠨᠡᠬᠦ ᠤᠴᠢᠷ ᠢ ᠮᠡᠳᠡᠭᠰᠡᠨ ᠤ ᠳᠠᠷᠠᠭ᠎ᠠ᠂ ᠡᠲᠡᠭᠡᠷ ᠨᠠᠰᠤᠲᠠᠶᠢᠴᠤᠳ ᠢ ᠬᠠᠪᠰᠤᠷᠤᠨ ᠥᠨᠳᠥᠷ ᠨᠠᠰᠤᠨ ᠤ ᠭᠡᠷᠡᠴᠢᠯᠡᠭᠡ | ᠶᠢᠨ ᠬᠡᠷᠡᠯ ᠵᠢᠷᠤᠭ ᠠᠪᠴᠤ ᠦᠭᠬᠦᠶ᠎ᠡ ᠭᠡᠵᠦ ᠰᠠᠨᠠᠭᠠᠴᠢᠯᠠᠭ᠎ᠠ ᠠᠴᠠ ᠪᠠᠨ ᠢᠷᠡᠭᠰᠡᠨ ᠨᠢ ᠡᠨᠡ ᠪᠠᠶᠢᠵᠠᠢ᠃ ᠬᠡᠷᠡᠯ | ᠵᠢᠷᠤᠭᠴᠢᠨ ᠤᠯᠤᠬᠰᠠᠨ ᠲᠤᠯᠠ᠂ ᠨᠡᠶᠢᠭᠡᠮ ᠲᠣᠭᠤᠷᠢᠭ ᠤᠨ ᠠᠵᠢᠯᠲᠠᠨ ᠰᠥᠨᠢᠵᠢᠨ ᠪᠠᠶᠢᠷᠢᠯᠠᠭᠤᠯᠵᠤ᠂ ᠰᠢᠨ᠎ᠡ ᠴᠠᠭ | ᠦᠶ᠎ᠡ ᠶᠢᠨ ᠪᠣᠯᠪᠠᠰᠤᠨ ᠤ ᠦᠶᠯᠡᠳᠦᠯᠭᠡ ᠶᠢᠨ ᠦᠷᠲᠡᠭᠡᠨ ᠤ ︽ᠲᠦᠷ ᠴᠠᠭ ᠤᠨ ᠬᠡᠷᠡᠯ ᠵᠢᠷᠤᠭ ᠤᠨ ᠭᠠᠵᠠᠷ︾ | ᠵᠢᠩᠬᠢᠨᠢ ᠪᠠᠷ ᠠᠵᠢᠯ ᠢᠶᠠᠨ ᠡᠬᠢᠯᠡᠬᠦᠯᠵᠤ᠂ ᠰᠢᠨ᠎ᠡ ᠪᠠᠷ ᠨᠡᠮᠡᠭᠳᠡᠭᠰᠡᠨ 8 ᠨᠠᠰᠤᠳᠠᠨ ᠤ ᠥᠨᠳᠥᠷ ᠨᠠᠰᠤᠨ ᠤ | ᠭᠡᠷᠡᠴᠢᠯᠡᠭᠡ ᠶᠢᠨ ᠬᠡᠷᠡᠯ ᠵᠢᠷᠤᠭ ᠲᠠᠳᠠᠭᠤᠯᠬᠤ ᠠᠵᠢᠯ ᠡᠶᠢᠨᠬᠦ ᠠᠮᠵᠢᠯᠲᠠ ᠲᠠᠢ ᠪᠡᠶᠡᠯᠡᠭᠳᠡᠪᠡ᠃ | ︽ᠣᠳᠣᠬᠠᠨ ᠳᠤ᠂ ᠪᠢᠳᠡ ᠨᠢᠭᠡᠨᠲᠡ ᠨᠡᠶᠢᠭᠡᠮ ᠲᠣᠭᠤᠷᠢᠭ ᠤᠨ 500 ᠭᠠᠷᠤᠶ ᠥᠨᠳᠥᠷ ᠨᠠᠰᠤᠲᠠᠨ ᠤ | ᠦᠨᠳᠦᠷ ᠨᠠᠰᠤᠨ ᠤ ᠬᠡᠷᠡᠴᠢᠯᠡᠭᠡ ᠶᠢᠨ ᠠᠵᠢᠯ ᠢ ᠪᠡᠶᠡᠯᠡᠭᠦᠯᠪᠡ︾ ᠬᠡᠵᠤ ᠠᠷᠠᠳ 10 # ᠨᠡᠶᠢᠭᠡᠮ ᠲᠣᠭᠤᠷᠢᠭ ᠤᠨ | ᠨᠠᠮ ᠤᠨ ᠬᠤᠷᠢᠶᠠᠨ ᠤ ᠱᠦᠵᠢ᠂ ᠨᠡᠶᠢᠭᠡᠮ ᠲᠣᠭᠤᠷᠢᠭ ᠤᠨ ᠡᠷᠬᠢᠯᠡᠭᠴᠢ ᠵᠤᠤ ᠰᠢᠨ ᠨᠠ᠂ ᠨᠡᠶᠢᠭᠡᠮ | ᠲᠣᠭᠤᠷᠢᠭ ᠤᠨ ᠬᠢᠨ ᠨᠠᠰᠤᠲᠠᠶᠢᠴᠤᠳ ᠢ ᠬᠠᠯᠠᠮᠵᠢᠯᠠᠬᠤ ᠪᠠ ᠨᠠᠰᠤᠳᠠᠶᠢᠴᠤᠳ ᠲᠤ ᠦᠢᠯᠡᠴᠢᠯᠡᠬᠦ ᠠᠵᠢᠯ ᠢ | ᠦᠷᠭᠦᠯᠵᠢᠯᠡᠨ ᠰᠠᠶᠢᠲᠤᠷ ᠬᠢᠵᠦ᠂ ᠠᠷᠠᠳ ᠤᠨ ᠲᠥᠯᠥᠭᠡ ᠪᠣᠳᠠᠳᠤ ᠶᠠᠪᠤᠳᠠᠯ ᠬᠢᠬᠦ ᠴᠢᠳᠠᠪᠤᠷᠢ ᠪᠠᠨ ᠲᠠᠰᠤᠷᠠᠯᠳᠠ | ᠦᠭᠡᠢ ᠳᠡᠭᠡᠭᠰᠢᠯᠡᠭᠦᠯᠵᠦ᠂ ᠤᠯᠠᠨ ᠲᠦᠮᠡᠨ ᠤ ᠬᠦᠷᠲᠡᠮᠵᠢ ᠶᠢᠨ ᠲᠦᠷᠦᠭᠳᠡᠯ ᠪᠣᠯᠤᠨ ᠵᠢᠷᠭᠠᠯᠲᠤ ᠲᠦᠷᠦᠭᠳᠡᠯ ᠢ | ᠦᠷᠭᠦᠯᠵᠢᠯᠡᠨ ᠨᠡᠮᠡᠭᠳᠡᠭᠦᠯᠦᠨ᠎ᠡ ᠭᠡᠵᠦ ᠢᠯᠡᠳᠬᠡᠪᠡ᠃ ︵ᠰᠤᠷᠪᠤᠯᠵᠢᠯᠠᠭᠴᠢ᠄ ᠹᠧᠩ ᠰᠢᠤᠸᠠᠢ︶ |