ᠲᠠᠷᠬᠠᠨ ᠶᠠᠩᠭᠠᠷ ᠤᠨ ᠠᠶᠠᠯᠭᠤ
ᠨᠡᠶᠢᠲᠡᠯᠡᠭᠰᠡᠨ ᠴᠠᠭ᠄
2022/11/30
  ᠶᠠᠩᠭᠠᠷ ᠬᠡᠵᠤ ᠮᠠᠨ ᠤ ᠤᠯᠤᠰ ᠤᠨ ᠤᠮᠠᠷᠠᠲᠤ ᠣᠷᠣᠨ ᠤ ᠥᠷᠭᠡᠨ ᠠᠭᠤᠳᠠᠮ ᠬᠥᠳᠡᠭᠡ ᠲᠣᠰᠬᠤᠨ ᠳᠤ ᠮᠠᠰᠢ ᠦᠷᠬᠡᠨ ᠢᠶᠠᠷ ᠳᠡᠯᠭᠡᠷᠡᠭᠰᠡᠨ᠂ ᠭᠤᠣᠯᠳᠠᠭᠤ ᠴᠠᠭᠠᠨ ᠰᠠᠷ᠎ᠠ᠂ ᠥᠯᠵᠡᠶᠢᠲᠦ ᠡᠳᠦᠷ ᠤᠨ ᠪᠠᠶᠠᠷ ᠲᠤ ᠲᠤᠬᠢᠶᠠᠯᠳᠤᠭᠤᠯᠤᠨ ᠲᠣᠭᠯᠠᠳᠠᠭ᠂ ᠥᠨᠢ ᠤᠳᠠᠭᠠᠨ ᠲᠡᠦᠬᠡ ᠲᠠᠢ ᠠᠷᠠᠳ ᠤᠨ ᠳᠠᠭᠤᠤ ᠪᠥᠵᠢᠭ ᠤᠨ ᠤᠷᠠᠯᠢᠭ ᠶᠤᠮ᠃ ᠶᠠᠩᠭᠠᠷ ᠢ ᠲᠠᠭᠤᠯᠠᠬᠤ ᠶᠠᠩᠭᠠᠷ ᠠᠶᠠᠯᠭᠤ ︵ᠲᠠᠷᠤᠢ ᠮᠤᠳᠤᠨ ᠬᠦᠯᠳᠤ ᠠᠶᠠᠯᠭᠤ᠂ ᠪᠦᠰ ᠣᠩᠭᠤᠴᠠ ᠶᠢᠨ ᠠᠶᠠᠯᠭᠤ ︶ ᠪᠣᠯᠤᠨ ᠶᠠᠩᠭᠠᠷ ᠲᠤᠬᠯᠠᠬᠤ ᠭᠡᠵᠤ ᠬᠤᠪᠢᠶᠠᠨ᠎ᠠ᠂ ᠠᠳᠡ ᠭᠤᠣᠯᠳᠠᠭᠤ ᠲᠠᠭᠤᠯᠠᠬᠤ ᠶᠠᠩᠭᠠᠷ ᠠᠶᠠᠯᠭᠤ ᠶᠢ ᠬᠡᠯᠡᠵᠤ ᠪᠤᠢ᠂ ᠤᠳᠤ ᠪᠤᠭᠤᠲᠤ ᠬᠤᠳᠠ ᠶᠢᠨ ᠬᠥᠨᠳᠡᠯᠡᠨ ᠲᠣᠭᠤᠷᠢᠭ ᠤᠨ ᠪᠤᠷᠬᠠᠨᠲᠤ ᠪᠠᠯᠭᠠᠰᠤᠨ ᠤ ᠲᠠᠷᠬᠠᠨ ᠲᠣᠰᠬᠤᠨ ᠳᠤ ᠤᠯᠠᠮᠵᠢᠯᠠᠬᠳᠠᠨ ᠳᠡᠯᠭᠡᠷᠡᠵᠦ ᠪᠤᠢ᠂ ᠤᠳᠤ ᠨᠢᠭᠡᠨᠲᠡ 100 ᠭᠠᠷᠤᠢ ᠵᠢᠯ ᠤᠨ ᠲᠡᠦᠬᠡ ᠲᠠᠢ ᠪᠣᠯᠵᠠᠢ᠂ ᠲᠤᠰ ᠤᠷᠠᠯᠢᠭ ᠎ ᠢ ᠡᠬᠦᠰᠬᠡᠨ ᠪᠠᠶᠢᠭᠤᠯᠤᠬᠰᠠᠨ ᠬᠦᠮᠦᠨ ᠪᠤᠯ ᠭᠧᠨ ᠫᠠᠩ ᠲᠸᠦ᠂ ᠸᠠᠩ ᠰᠾᠢ ᠵᠤᠤ ︵ᠪᠦᠷ ᠲᠠᠷᠬᠠᠨ ᠲᠤᠰᠬᠤᠨ ᠳᠤ ᠲᠦᠷᠦᠵᠤ ᠦᠰᠦᠭᠰᠡᠨ ᠨᠤᠲᠤᠭ ᠤᠨ ᠬᠥᠮᠦᠨ︶ ᠬᠡᠳᠡᠭ᠃ ᠲᠤᠬᠠᠶ ᠶᠢᠨ ᠦᠶ᠎ᠡ ᠳᠤ᠂ ᠡᠨᠡ ᠬᠤᠶᠠᠷ ᠠᠷᠠᠳ ᠤᠨ ᠤᠷᠠᠯᠢᠭᠴᠢᠨ ᠲᠠᠷᠬᠠᠨ ᠲᠣᠰᠬᠤᠨ ᠤ ᠰᠣᠶᠣᠯ ᠤᠨ ᠠᠮᠢᠳᠤᠷᠠᠯ ᠢ ᠬᠥᠭᠵᠢᠶᠡᠨᠲᠡᠶ ᠪᠣᠯᠭᠠᠬᠤ ᠶᠢᠨ ᠲᠥᠯᠥᠭᠡ᠂ ᠦᠪᠡᠷ ᠎ ᠲᠡᠭᠡᠨ ᠶᠠᠩᠭᠠᠷ ᠤᠨ ᠠᠩᠭᠢ ︵ᠮᠣᠳᠣᠨ ᠬᠥᠯᠲᠦ᠂ ᠪᠦᠰ ᠣᠩᠭᠤᠴᠠᠨ ᠲᠡᠷᠭᠡ︶᠎ ᠶᠢ ᠵᠣᠬᠢᠶᠠᠨ ᠪᠠᠶᠢᠭᠤᠯᠵᠤ᠂ ᠡᠷᠲᠡᠨ ᠤ ᠶᠠᠩᠭᠠᠷ ᠠᠶᠠᠯᠭᠤ ᠶᠢ ᠳᠠᠭᠤᠯᠠᠪᠠ᠃ ᠣᠳᠣ ᠪᠣᠯᠲᠠᠯ᠎ᠠ ᠨᠢᠭᠡᠨᠲᠡ 6 ᠦᠶ᠎ᠡ ᠶᠢᠨ ᠵᠠᠯᠭᠠᠮᠵᠢᠯᠠᠭᠴᠢ ᠲᠠᠢ᠃ ᠰᠡᠭᠦᠯᠴᠢ ᠶᠢᠨ ᠦᠶ᠎ᠡ ᠶᠢᠨ ᠵᠠᠯᠭᠠᠮᠵᠢᠯᠠᠭᠴᠢ ᠨᠢ ᠠᠬᠠᠮᠠᠳ ᠦᠶ᠎ᠡ ᠶᠢᠨ ᠢᠶᠠᠨ ᠤᠷ᠎ᠠ ᠮᠡᠷᠭᠡᠵᠢᠯ ᠢ ᠵᠠᠯᠭᠠᠮᠵᠢᠯᠠᠭᠰᠠᠨ ᠰᠠᠭᠤᠷᠢᠨ ᠳᠡᠭᠡᠷ᠎ᠡ᠂ ᠬᠠᠭᠤᠴᠢᠨ ᠢ ᠣᠷᠬᠢᠵᠤ ᠰᠢᠨ᠎ᠡ ᠶᠢ ᠡᠭᠦᠳᠦᠨ᠂ ᠤᠷᠢᠳ ᠬᠤᠵᠢᠳ ᠮᠣᠳᠣᠨ ᠬᠥᠯᠲᠦ᠂  ᠪᠦᠰ ᠣᠩᠭᠤᠴᠠᠨ ᠲᠡᠷᠭᠡ᠂ ᠴᠡᠴᠡᠭᠲᠦ ᠰᠠᠭᠰᠤ ᠲᠠᠮᠨᠠᠬᠤ᠂ ᠠᠷᠰᠯᠠᠨ ᠪᠦᠵᠢᠭᠯᠡᠬᠦ᠂ ᠡᠯᠵᠢᠭᠡ ᠤᠨᠤᠬᠤ ᠵᠢᠴᠢ ᠡᠯ ᠷᠧᠨ ᠲᠠᠢ ᠵᠦᠴᠦᠭᠡ ᠶᠢ ᠵᠣᠬᠢᠶᠠᠨ ᠪᠠᠶᠢᠭᠤᠯᠵᠤ᠂ ᠲᠠᠷᠬᠠᠨ ᠲᠤᠰᠬᠤᠨ ᠤ ᠶᠠᠩᠭᠠᠷ ᠤᠨ ᠲᠣᠭᠯᠠᠯᠲᠠ ᠶᠢ ᠪᠠᠳᠠᠷᠠᠭᠤᠯᠤᠨ ᠳᠡᠯᠭᠡᠷᠡᠭᠦᠯᠦᠭᠰᠡᠨ ᠪᠠᠶᠢᠨ᠎ᠠ᠃  
  21 ᠳ᠋ᠤᠭᠡᠷ ᠵᠠᠭᠤᠨ ᠳᠤ ᠤᠷᠤᠭᠰᠠᠨ ᠤ ᠳᠠᠷᠠᠭ᠎ᠠ᠂ ᠵᠢᠷᠭᠤᠳᠤᠭᠠᠷ ᠦᠶ᠎ᠡ ᠶᠢᠨ ᠤᠯᠠᠮᠵᠢᠯᠠᠭᠴᠢ ᠨᠢ ᠭᠤᠷᠪᠠᠨ ᠵᠢᠯ ᠎ ᠤᠨ ᠬᠤᠭᠤᠴᠠᠭ᠎ᠠ ᠶᠢ ᠬᠡᠷᠡᠭᠰᠡᠵᠤ᠂ ᠬᠤᠯᠪᠣᠭᠳᠠᠯ ᠪᠦᠬᠦᠢ ᠲᠡᠦᠬᠡᠨ ᠮᠠᠲ᠋ᠧᠷᠢᠶᠠᠯ ᠢ ᠴᠤᠭᠯᠠᠭᠤᠯᠤᠨ ᠡᠮᠬᠢᠳᠬᠡᠵᠦ᠂ 2003 ᠣᠨ ᠳᠤ ᠥᠪᠡᠷ ᠤᠨ ᠵᠠᠷᠤᠳᠠᠯ ᠢᠶᠠᠷ ᠢᠶᠠᠨ ︽ᠶᠠᠩᠭᠠᠷ ᠤᠨ ᠠᠶᠠᠯᠭᠤ︾ ᠭᠡᠬᠦ ᠨᠣᠮ ᠢ ᠬᠡᠪᠯᠡᠭᠦᠯᠪᠡ᠃ ᠲᠤᠰ ᠨᠣᠮ ᠳᠤ ᠶᠠᠩᠭᠠᠷ ᠤᠨ ᠠᠶᠠᠯᠭᠤ ᠶᠢᠨ ᠳᠠᠭᠤᠯᠠᠬᠤ ᠬᠡᠯᠪᠡᠷᠢ ᠵᠢᠴᠢ ᠠᠶᠠᠯᠭᠤ ᠶᠢᠨ ᠲᠤᠬᠠᠢ ᠵᠠᠳᠠᠯᠤᠯᠲᠠ ᠶᠢ ᠲᠠᠨᠢᠯᠴᠠᠭᠤᠯᠤᠭᠰᠠᠨ ᠢᠶᠠᠷ ᠪᠠᠷᠠᠬᠤ ᠦᠭᠡᠢ᠂ ᠪᠠᠰᠠ ᠶᠠᠩᠭᠠᠷ ᠤᠨ ᠲᠣᠭᠯᠠᠯᠲᠠ ᠶᠢᠨ ᠡᠩᠨᠡᠭᠡ ᠵᠢᠬᠰᠠᠭᠠᠯ ᠤᠨ ᠬᠡᠯᠪᠡᠷᠢ ᠵᠢᠴᠢ ᠶᠠᠩᠭᠠᠷ ᠤᠨ ᠲᠤᠬᠯᠠᠯᠳᠠ ᠡᠷᠬᠢᠯᠡᠬᠦ ᠦᠶ᠎ᠡ ᠶᠢᠨ ᠲᠠᠭᠢᠯᠭ᠎ᠠ᠂ ᠵᠠᠩ ᠥᠢᠯᠨ᠂  ᠶᠤᠰᠤᠯᠠᠯ  ᠵᠡᠷᠬᠡ ᠶᠢ ᠲᠠᠨᠢᠯᠴᠠᠭᠤᠯᠪᠠ᠃
 
ᠢᠷᠡᠯᠲᠡ᠄ ᠬᠦᠨᠳᠡᠯᠡᠨ ᠲᠣᠭᠤᠷᠢᠭ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号