ᠨᠢᠭᠡ᠂ ᠵᠢᠭᠤᠯᠴᠢᠯᠠᠯ ᠤᠨ ᠡᠬᠢ ᠪᠠᠶᠠᠯᠢᠭ | 1 . ᠪᠤᠭᠤᠲᠤ ᠶᠢᠨ ᠪᠣᠯᠣᠳ ᠲᠡᠮᠦᠷ ᠤᠨ ᠠᠵᠤ ᠦᠢᠯᠡᠳᠪᠦᠷᠢ ᠶᠢᠨ ᠵᠢᠭᠤᠯᠴᠢᠯᠠᠯ | ᠪᠤᠭᠤᠲᠤ ᠶᠢᠨ ᠪᠣᠯᠣᠳ ᠲᠡᠮᠦᠷ ᠤᠨ ᠺᠣᠮᠫᠠᠨᠢ ᠪᠣᠯ ᠮᠠᠨ ᠤ ᠤᠯᠤᠰ ᠤᠨ ︽ᠨᠢᠭᠡᠳᠦᠭᠡᠷ ᠲᠠᠪᠤᠨ ᠵᠢᠯ︾ ᠤᠨ | ᠬᠤᠭᠤᠴᠠᠭᠠᠨ ᠳᠤ ᠭᠤᠣᠯᠳᠠᠯᠭ᠎ᠠ ᠲᠠᠢ ᠪᠦᠲᠦᠭᠡᠨ ᠪᠠᠶᠢᠭᠤᠯᠤᠭᠰᠠᠨ ᠪᠣᠯᠣᠳ ᠲᠡᠮᠦᠷ ᠤᠨ ᠦᠢᠯᠡᠳᠪᠦᠷᠢᠯᠡᠯ ᠤᠨ | ᠰᠠᠭᠤᠷᠢᠨ ᠪᠣᠯᠤᠨ᠎ᠠ᠃ ᠪᠤᠭᠤᠳᠤ ᠶᠢᠨ ᠪᠤᠯᠤᠳ ᠲᠡᠮᠦᠷ ᠤᠨ ᠪᠦᠯᠦᠭᠯᠡᠯ ᠢ ᠲᠤᠭᠤᠷᠢᠨ ᠦᠵᠡᠵᠦ ᠣᠶᠢᠯᠠᠭᠠᠬᠤ ᠨᠢ | ᠰᠤᠷᠤᠭᠴᠢᠳ ᠤᠨ ᠨᠡᠶᠢᠭᠡᠮ ᠤᠨ ᠬᠠᠷᠢᠭᠤᠴᠠᠯᠭ᠎ᠠ ᠶᠢᠨ ᠤᠬᠠᠮᠰᠠᠷ᠂ ᠳᠦᠷᠢᠮ ᠤᠨ ᠤᠬᠠᠮᠰᠠᠷ᠂ ᠬᠤᠪᠢ ᠨᠡᠮᠡᠷᠢ | ᠦᠵᠡᠭᠦᠯᠬᠦ ᠤᠬᠠᠮᠰᠠᠷ ᠢ ᠴᠢᠩᠭᠠᠳᠬᠠᠬᠤ ᠳᠤ ᠴᠢᠬᠤᠯᠠ ᠦᠢᠯᠡᠳᠦᠯ ᠲᠠᠢ ᠶᠤᠮ᠃ ᠪᠤᠭᠤᠲᠤ ᠶᠢᠨ ᠪᠤᠯᠤᠳ | ᠲᠡᠮᠤᠷ ᠤᠨ ᠠᠵᠤ ᠦᠢᠯᠡᠳᠪᠦᠷᠢ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠪᠠᠶᠢᠭᠤᠯᠤᠭᠳᠠᠭᠰᠠᠨ ᠠᠴᠠ ᠨᠠᠭᠠᠰᠢ | ᠠᠵᠤ ᠦᠢᠯᠡᠳᠪᠦᠷᠢ ᠶᠢᠨ ᠬᠤᠪᠢᠰᠬᠠᠯ ᠤᠨ ᠤᠯᠠᠮᠵᠢᠯᠠᠯᠲᠤ ᠬᠥᠮᠦᠵᠢᠯ᠂ ᠤᠯᠤᠰ ᠤᠨ ᠥᠮᠴᠢᠯᠡᠯ ᠤᠨ ᠠᠵᠤ | ᠠᠬᠤᠶᠢᠯᠠᠯ ᠤᠨ ᠤᠯᠤᠰ ᠤᠨ ᠪᠠᠶᠢᠳᠠᠯ ᠤᠨ ᠬᠥᠮᠦᠵᠢᠯ ᠢᠶᠠᠷ ᠦᠨᠳᠦᠰᠦᠨ ᠭᠠᠷᠤᠭ᠎ᠠ ᠪᠣᠯᠭᠠᠵᠤ᠂ 2006 ᠣᠨ ᠳᠤ | ᠪᠦᠬᠦ ᠤᠯᠤᠰ ᠤᠨ ᠠᠩᠬᠠᠳᠠᠭᠴᠢ ᠪᠦᠯᠦᠭ ︽ᠪᠦᠬᠦ ᠤᠯᠤᠰ ᠤᠨ ᠠᠵᠤ ᠦᠢᠯᠡᠳᠪᠦᠷᠢ ᠶᠢᠨ ᠵᠢᠭᠤᠯᠴᠢᠯᠠᠯ ᠤᠨ | ᠵᠢᠱᠢᠶ᠎ᠡ ᠦᠵᠡᠭᠦᠯᠬᠦ ᠴᠡᠭ︾ ᠢᠶᠠᠷ ᠰᠣᠩᠭᠤᠭᠳᠠᠭᠰᠠᠨ ᠤ ᠲᠠᠷᠠᠭ᠎ᠠ᠂ 2017 ᠣᠨ ᠤ 3 ᠰᠠᠷ᠎ᠠ ᠳᠤ᠂ᠪᠤᠭᠤᠲᠤ | ᠬᠤᠳᠠ ᠶᠢᠨ ᠵᠢᠭᠤᠯᠴᠢᠯᠠᠯ ᠤᠨ ᠲᠤᠪᠴᠢᠶ᠎ᠡ ᠠᠴᠠ ᠪᠤᠭᠤᠲᠤ ᠶᠢᠨ ᠪᠤᠯᠤᠳ ᠲᠡᠮᠤᠷ ᠤᠨ ᠠᠵᠤ ᠦᠢᠯᠡᠳᠪᠦᠷᠢ ᠶᠢᠨ | ᠵᠢᠭᠤᠯᠴᠢᠯᠠᠯ ᠤᠨ ᠰᠠᠭᠤᠷᠢᠨ ᠳᠤ ︽ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠤᠳᠤᠯᠤᠨ | ᠰᠤᠷᠤᠯᠴᠠᠬᠤ ᠵᠢᠭᠤᠯᠴᠢᠯᠠᠯ ᠤᠨ ᠰᠠᠭᠤᠷᠢᠨ︾ ᠤ ᠴᠣᠯᠠ ᠣᠯᠭᠤᠪᠠ︔ 2017 ᠣᠨ ᠤ 7 ᠰᠠᠷ᠎ᠠ ᠳᠤ᠂ ᠪᠤᠭᠤᠲᠤ | ᠬᠤᠲᠠ ᠶᠢᠨ ᠬᠥᠨᠳᠡᠯᠡᠨ ᠲᠣᠭᠤᠷᠢᠭ ᠤᠨ ᠰᠣᠶᠣᠯ ᠪᠡᠶ᠎ᠡ ᠶᠢᠨ ᠲᠠᠮᠢᠷ ᠷᠠᠳᠢᠣ᠋ ᠲᠧᠯᠸᠢᠰ ᠵᠢᠭᠤᠯᠴᠢᠯᠠᠯ ᠤᠨ ᠲᠣᠪᠴᠢᠶ᠎ᠠ | ᠠᠴᠠ ᠪᠤᠭᠤᠲᠤ ᠶᠢᠨ ᠪᠣᠯᠣᠳ ᠲᠡᠮᠦᠷ ᠤᠨ ᠠᠵᠤ ᠦᠶᠯᠡᠳᠪᠦᠷᠢ ᠶᠢᠨ ᠵᠢᠭᠤᠯᠴᠢᠯᠠᠯ ᠤᠨ ᠰᠠᠭᠤᠷᠢᠨ ᠳᠤ ︽ᠲᠠᠯ᠎ᠠ | ᠨᠤᠲᠤᠭ ᠤᠨ ᠪᠣᠯᠣᠳ ᠤᠨ ᠬᠤᠲᠠ ᠶᠢᠨ ᠰᠤᠳᠤᠯᠤᠨ ᠰᠤᠷᠤᠯᠴᠠᠬᠤ ᠵᠢᠭᠤᠯᠴᠢᠯᠠᠯ ᠤᠨ ᠰᠠᠭᠤᠷᠢᠨ︾ ᠤ ᠴᠣᠯᠠ | ᠣᠯᠭᠤᠪᠠ︔ 2018 ᠣᠨ ᠳᠤ ᠤᠯᠤᠰ ᠤᠨ 3A ᠲᠠᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠢᠶᠠᠷ | ᠦᠨᠡᠯᠡᠭᠳᠡᠪᠡ᠃ ᠲᠤᠰ ᠵᠢᠯ ᠳᠤ ︽ᠳᠤᠮᠳᠠᠳᠤ ᠤᠯᠤᠰ ᠤᠨ ᠠᠵᠤ ᠦᠢᠯᠡᠳᠪᠦᠷᠢ ᠶᠢᠨ ᠵᠢᠭᠤᠯᠴᠢᠯᠠᠯ ᠤᠨ ᠠᠵᠤ | ᠦᠢᠯᠡᠰ ᠤᠨ ᠬᠥᠭᠵᠢᠯᠲᠡ ᠶᠢᠨ ᠬᠤᠯᠪᠣᠭᠠᠲᠤ ᠴᠣᠭᠴᠠ ᠶᠢᠨ ᠰᠢᠨ᠎ᠡ ᠶᠢ ᠡᠭᠦᠳᠦᠭᠰᠡᠨ ᠦᠷ᠎ᠡ ᠪᠦᠲᠦᠭᠡᠯ ᠤᠨ ᠱᠠᠩᠨᠠᠯ︾ | ᠢ ᠬᠦᠷᠳᠡᠵᠤ᠂ ᠪᠤᠭᠤᠲᠤ ᠶᠢᠨ ᠪᠤᠯᠤᠳ ᠲᠡᠮᠦᠷ ᠨᠢ ᠲᠤᠰ ᠭᠠᠵᠠᠷ ᠣᠷᠣᠨ ᠤ ᠠᠵᠤ ᠦᠢᠯᠡᠳᠪᠦᠷᠢ ᠶᠢ ᠰᠤᠳᠤᠯᠤᠨ | ᠰᠤᠷᠤᠯᠴᠠᠬᠤ ᠳᠤ ᠣᠷᠣᠯᠠᠭᠤᠯᠵᠤ ᠪᠣᠯᠤᠰᠢ ᠦᠭᠡᠢ ᠲᠡᠦᠬᠡᠲᠦ ᠠᠴᠢ ᠬᠤᠯᠪᠣᠭᠳᠠᠯ ᠪᠠ ᠥᠪᠡᠷᠮᠢᠴᠡ ᠤᠨᠴᠠᠭᠠᠢ | ᠰᠤᠳᠤᠯᠤᠨ ᠰᠤᠷᠤᠯᠴᠠᠬᠤ ᠦᠨ᠎ᠡ ᠦᠷᠳᠡᠭ ᠲᠠᠢ ᠶᠤᠮ᠃ ᠪᠤᠭᠤᠲᠤ ᠶᠢᠨ ᠪᠤᠯᠤᠳ ᠲᠡᠮᠤᠷ ᠤᠨ ᠠᠵᠤ | ᠦᠢᠯᠡᠳᠪᠦᠷᠢ ᠶᠢᠨ ᠵᠢᠭᠤᠯᠴᠢᠯᠠᠯ ᠤᠨ ᠤᠷᠤᠨ ᠨᠢ ᠪᠤᠰᠤᠳ ᠵᠢᠭᠤᠯᠴᠢᠯᠠᠯ ᠤᠨ ᠦᠵᠡᠮᠵᠢ ᠶᠢᠨ ᠤᠷᠤᠨ ᠠᠴᠠ | ᠢᠯᠭᠠᠬᠳᠠᠨ᠎ᠠ᠂ ᠲᠡᠷᠡ ᠨᠢ ᠤᠳᠤ ᠶᠠᠭ ᠦᠢᠯᠡᠳᠪᠦᠷᠢᠯᠡᠵᠦ ᠪᠠᠶᠢᠭ᠎ᠠ ᠦᠢᠯᠡᠳᠪᠦᠷᠢ ᠶᠢᠨ ᠲᠠᠰᠤᠭ ᠲᠤ ᠲᠦᠰᠢᠭᠯᠡᠵᠤ᠂ | ᠭᠤᠷᠪᠠᠨ ᠵᠤᠷᠪᠤᠰ ᠲᠣᠭᠤᠷᠢᠨ ᠦᠵᠡᠬᠦ ᠵᠠᠮ ᠱᠤᠭᠤᠮ ᠢ ᠨᠡᠪᠲᠡᠷᠡᠭᠦᠯᠵᠡᠢ᠂ ᠨᠢᠭᠡ ᠨᠢ᠂ ᠪᠠᠶ᠋ᠬᠠᠤᠪᠤᠭ᠎ᠠ ᠲᠡᠮᠤᠷ ᠤᠨ | ᠠᠭᠤᠷᠬᠠᠢ ᠶᠢᠨ ᠨᠢᠭᠡ ᠡᠳᠦᠷ ᠤᠨ ᠵᠢᠭᠤᠯᠴᠢᠯᠠᠯ ᠤᠨ ᠱᠤᠭᠤᠮ᠂ ᠠᠭᠤᠷᠬᠠᠢ ᠶᠢᠨ ᠨᠡᠭᠡᠭᠡᠨ ᠠᠰᠢᠭᠯᠠᠯᠲᠠ ᠶᠢ | ᠤᠶᠢᠯᠠᠭᠠᠵᠤ ᠪᠤᠯᠤᠨ᠎ᠠ᠂ ᠯᠥᠩ ᠮᠧᠢ᠂ ᠢᠦᠢ ᠷᠦᠩ ᠤᠨ ᠨᠤᠲᠤᠭ ᠪᠤᠯᠤᠨ᠎ᠠ︔ ᠬᠤᠶᠠᠷ ᠲᠤ᠂ ᠲᠡᠮᠦᠷ | ᠪᠣᠯᠪᠠᠰᠤᠷᠠᠭᠤᠯᠬᠤ ᠦᠶᠯᠡᠳᠪᠦᠷᠢ ᠶᠢᠨ 4 ᠳ᠋ᠤᠭᠡᠷ ᠥᠨᠳᠥᠷ ᠵᠤᠤᠬ᠎ᠠ ᠪᠠᠷ ᠡᠬᠢᠯᠡᠯᠲᠡ ᠶᠢᠨ ᠴᠡᠭ ᠪᠣᠯᠭᠠᠵᠤ᠂ ᠪᠣᠯᠣᠳ | ᠪᠣᠯᠪᠠᠰᠤᠷᠠᠭᠤᠯᠬᠤ ᠦᠶᠯᠡᠳᠪᠦᠷᠢ ᠶᠢᠨ ᠬᠤᠯᠪᠣᠨ ᠴᠢᠳᠬᠤᠬᠤ ᠦᠢᠯᠡᠳᠪᠦᠷᠢᠯᠡᠯ ᠤᠨ ᠱᠤᠭᠤᠮ᠂ ᠲᠢᠶᠠᠨ ᠴᠧᠩ | ᠤᠳᠠᠰᠤᠯᠢᠭ ᠮᠠᠲ᠋ᠧᠷᠢᠶᠠᠯ ᠤᠨ ᠬᠢᠵᠠᠭᠠᠷᠲᠤ ᠺᠣᠮᠫᠠᠨᠢ᠂ ᠲᠦᠷᠬᠡᠨ ᠬᠤᠷᠳᠤᠴᠠᠳᠤ ᠤᠳᠠᠰᠤᠯᠢᠭ ᠮᠠᠲ᠋ᠧᠷᠢᠶᠠᠯ ᠤᠨ | ᠦᠢᠯᠡᠳᠪᠦᠷᠢᠯᠡᠯ ᠤᠨ ᠱᠤᠭᠤᠮ ᠪᠤᠶᠤ ᠨᠢᠮᠭᠡᠨ ᠬᠠᠪᠲᠠᠰᠤ ᠶᠢᠨ ᠦᠢᠯᠡᠳᠪᠦᠷᠢ᠂ ᠲᠡᠮᠦᠷ ᠵᠠᠮ ᠤᠨ ᠨᠢᠷᠤᠭᠤ ᠲᠡᠮᠦᠷ | ᠤᠨ ᠦᠢᠯᠡᠳᠪᠦᠷᠢ ᠶᠢ ᠲᠣᠭᠤᠷᠢᠨ ᠦᠵᠡᠨ᠎ᠡ︔ ᠭᠤᠷᠪᠠ ᠳᠤ᠂ ᠪᠤᠭᠤᠲᠤ ᠶᠢᠨ ᠪᠣᠯᠣᠳ ᠲᠡᠮᠦᠷ ᠤᠨ ᠪᠣᠬᠢᠷ ᠤᠰᠤ ᠶᠢ | ᠰᠢᠶᠳᠪᠦᠷᠢᠯᠡᠬᠦ᠂ ᠲᠡᠮᠦᠷᠯᠢᠭ ᠤᠨ ᠰᠢᠭᠠᠷᠤ ᠶᠢ ᠠᠰᠢᠭᠯᠠᠬᠤ ᠪᠠ ᠲᠡᠭᠡᠭᠡᠪᠦᠷᠢ ᠶᠢᠨ ᠭᠠᠵᠠᠷ ᠤᠨ ᠪᠤᠬ᠎ᠠ ᠲᠡᠷᠭᠡ ᠶᠢ | ᠲᠣᠭᠤᠷᠢᠨ ᠦᠵᠡᠬᠦ ᠪᠤᠶᠤ ᠵᠢᠭᠤᠯᠴᠢᠯᠠᠭᠴᠢᠳ ᠤᠨ ᠱᠠᠭᠠᠷᠳᠠᠯᠭ᠎ᠠ ᠶᠢ ᠦᠨᠳᠦᠰᠦᠯᠡᠨ ᠲᠣᠬᠢᠷᠠᠭᠤᠯᠤᠨ᠎ᠠ᠃ ᠡᠭᠦᠨ ᠤ | ᠬᠠᠮᠲᠤ ᠪᠤᠭᠤᠲᠤ ᠶᠢᠨ ᠪᠤᠯᠤᠳ ᠲᠡᠮᠦᠷ ᠠᠴᠠ ᠵᠢᠭᠤᠯᠴᠢᠯᠠᠯ ᠤᠨ ᠱᠤᠭᠤᠮ ᠳᠠᠭᠠᠨ ᠲᠦᠯᠦᠪᠵᠢᠬᠦᠯᠬᠡ ᠬᠢᠪᠠ᠂ ᠲᠠᠷᠤᠢ | ᠪᠤᠯᠤᠳ ᠲᠡᠮᠤᠷ ᠵᠡᠬᠡᠯᠢ ᠠᠴᠠ ᠪᠠᠷᠠᠭᠤᠨᠰᠢᠯᠡᠵᠤ ᠮᠡᠳᠡᠭᠡ ᠵᠠᠩᠭᠢ ᠶᠢᠨ ᠲᠤᠮᠤ ᠠᠰᠠᠷ ᠤᠨ ᠬᠤᠷᠠᠯ ᠦᠵᠡᠰᠬᠦᠯᠡᠩ ᠤᠨ | ᠲᠥᠪ ᠲᠤ ᠬᠦᠷᠴᠦ᠂ ᠪᠤᠭᠤᠲᠤ ᠶᠢᠨ ᠪᠤᠯᠤᠳ ᠲᠡᠮᠤᠷ ᠤᠨ ᠲᠤᠬᠠᠢ ᠲᠡᠦᠬᠡ ᠶᠢ ᠣᠶᠢᠯᠠᠭᠠᠵᠤ ᠪᠤᠯᠤᠨ᠎ᠠ︔ ᠡᠮᠦᠨᠡᠰᠢ | ᠪᠠᠨ ᠶᠠᠪᠤᠵᠤ ᠮᠠᠰᠢᠨ ᠤ ᠶᠡᠷᠦᠩᠬᠡᠶ ᠦᠢᠯᠡᠳᠪᠦᠷᠢ ᠶᠢᠨ ᠡᠭᠦᠳᠡᠨ ᠬᠠᠷᠠᠭᠤᠯ ᠤᠨ ᠭᠠᠵᠠᠷ ᠬᠦᠷᠴᠦ ᠦᠶᠯᠡᠳᠪᠦᠷᠢ ᠶᠢᠨ | ᠲᠤᠳᠤᠷᠠᠬᠢ ᠨᠢᠬᠡᠳᠦᠬᠡᠷ ᠨᠤᠮᠧᠷᠳᠤ ᠵᠠᠮ ᠲᠠᠭᠠᠤ ᠶᠠᠪᠤᠵᠤ ᠲᠡᠮᠦᠷ ᠪᠣᠯᠪᠠᠰᠤᠷᠠᠭᠤᠯᠬᠤ ᠦᠶᠯᠡᠳᠪᠦᠷᠢ ᠶᠢᠨ 4 ᠳ᠋ᠤᠬᠡᠷ | ᠨᠣᠮᠧᠷᠲᠤ ᠥᠨᠳᠥᠷ ᠵᠤᠤᠬ᠎ᠠ ᠶᠢᠨ ᠲᠡᠷᠭᠡᠳᠡ ᠬᠦᠷᠴᠦ᠂ ᠲᠠᠬᠢᠨ ᠲᠤᠳᠤᠬᠰᠢᠯᠠᠵᠤ ᠡᠮᠦᠨᠡᠰᠢ ᠪᠠᠨ᠂ ᠤᠮᠠᠷᠠᠰᠢ ᠪᠠᠨ | ᠬᠦᠨᠵᠡᠬᠡᠶᠢᠷᠡᠵᠤ ᠲᠤᠭᠤᠷᠢᠵᠤ ᠦᠵᠡᠵᠤ ᠪᠤᠯᠤᠨ᠎ᠠ᠃ ᠵᠠᠮ ᠳᠠᠭᠠᠤ ᠪᠦᠬᠦᠨ ᠢ ᠪᠣᠯᠣᠳ ᠰᠢᠭᠠᠷᠤ ᠶᠢᠨ ᠲᠣᠭᠤᠰᠬ᠎ᠠ | ᠪᠠᠷ ᠬᠠᠲᠠᠭᠤᠷᠠᠭᠤᠯᠵᠤ᠂ ᠦᠨᠳᠦᠰᠦᠲᠡᠨ ᠤ ᠣᠨᠴᠠᠯᠢᠭ ᠪᠦᠬᠦᠢ ᠮᠥᠩᠭᠦᠨ ᠠᠶᠠᠭ᠎ᠠ ᠬᠡᠯᠪᠡᠷᠢ ᠲᠠᠢ ᠴᠡᠴᠡᠭ ᠤᠨ | ᠰᠠᠪᠠ ᠪᠠᠷ ᠵᠠᠮ ᠤᠨ ᠬᠤᠶᠠᠷ ᠲᠠᠯ᠎ᠠ ᠶᠢ ᠭᠤᠶᠣᠵᠢᠭᠤᠯᠬᠤ ᠶᠢᠨ ᠬᠠᠮᠲᠤ ᠤᠤᠯ ᠤᠨ ᠪᠠᠶᠢᠬᠰᠠᠨ ᠬᠤᠭᠤᠰᠣᠨ ᠭᠠᠵᠠᠷ ᠢ | ᠠᠰᠢᠭᠯᠠᠨ ᠰᠦᠷᠴᠢᠮᠡᠯ ᠪᠤᠯᠠᠭ ᠪᠠ ᠱᠤᠭᠤᠮᠠᠯ᠂ ᠴᠡᠴᠡᠭ ᠤᠨ ᠲᠤᠭᠤᠷᠢᠭ ᠢ ᠪᠠᠶᠢᠭᠤᠯᠵᠤ᠂ ᠠᠵᠤ ᠠᠬᠤᠶᠢᠯᠠᠯ ᠤᠨ | ᠰᠣᠶᠣᠯ ᠢ ᠬᠠᠷᠠᠭᠤᠯᠤᠭᠰᠠᠨ ᠲᠡᠮᠳᠡᠭ ᠢᠯᠡᠷᠬᠡᠶᠢᠯᠡᠯ ᠢ ᠲᠤᠬᠢᠷᠠᠭᠤᠯᠤᠬᠰᠠᠨ ᠪᠠᠶᠢᠨ᠎ᠠ᠃ ᠪᠤᠭᠤᠲᠤ ᠶᠢᠨ ᠪᠤᠯᠤᠳ | ᠲᠡᠮᠤᠷ ᠤᠨ ᠠᠵᠤ ᠦᠢᠯᠡᠳᠪᠦᠷᠢ ᠶᠢᠨ ᠵᠢᠭᠤᠯᠴᠢᠯᠠᠯ ᠨᠢ ᠵᠢᠭᠤᠯᠴᠢᠯᠠᠬᠰᠠᠳ ᠲᠤ ᠪᠤᠭᠤᠲᠤ ᠶᠢᠨ ᠪᠤᠯᠤᠳ ᠲᠡᠮᠤᠷ ᠡᠨᠡᠬᠦ | ᠲᠤᠮᠤ ᠠᠵᠤ ᠦᠢᠯᠡᠳᠪᠦᠷᠢ ᠶᠢᠨ ᠦᠨᠡᠨ ᠪᠣᠳᠠᠲᠠᠢ ᠦᠢᠯᠡᠳᠪᠦᠷᠢᠯᠡᠯ ᠤᠨ ᠶᠠᠪᠤᠴᠠ ᠶᠢ ᠳᠡᠯᠭᠡᠨ ᠦᠵᠡᠭᠦᠯᠦᠭᠰᠡᠨ ᠢᠶᠠᠷ | ᠪᠠᠷᠠᠬᠤ ᠦᠭᠡᠢ᠂ ᠪᠠᠰᠠ ᠵᠢᠭᠤᠯᠴᠢᠯᠠᠬᠰᠠᠳ ᠲᠤ ᠪᠤᠭᠤᠲᠤ ᠶᠢᠨ ᠪᠤᠯᠤᠳ ᠲᠡᠮᠤᠷ ᠤᠨ ᠬᠡᠷᠬᠢᠨ ᠬᠠᠮᠠᠷ ᠬᠠᠳᠬᠤᠬᠤ | ᠡᠪᠡᠰᠦ ᠦᠭᠡᠢ ᠪᠠᠶᠢᠬᠰᠠᠨ ᠡᠬᠡᠷᠡᠮ᠎ᠡ ᠲᠠᠯ᠎ᠠ ᠳᠡᠭᠡᠷ᠎ᠡ ᠣᠳᠣᠬᠢᠴᠢᠯᠠᠭᠰᠠᠨ ᠪᠤᠯᠤᠳ ᠲᠡᠮᠤᠷ ᠤᠨ ᠬᠤᠳᠠ ᠶᠢ | ᠪᠠᠶᠢᠭᠤᠯᠤᠭᠰᠠᠨ ᠶᠠᠪᠤᠴᠠ ᠶᠢ ᠤᠶᠢᠯᠠᠭᠠᠭᠤᠯᠪᠠ᠃ ᠴᠠᠭ ᠢᠶᠠᠷ ᠬᠤᠪᠢᠶᠠᠷᠢᠯᠠᠪᠠᠯ᠂ ᠬᠠᠭᠠᠰ ᠡᠳᠦᠷ ᠤᠨ ᠵᠢᠭᠤᠯᠴᠢᠯᠠᠯ | ᠪᠠ ᠨᠢᠭᠡ ᠡᠳᠦᠷ ᠤᠨ ᠵᠢᠭᠤᠯᠴᠢᠯᠠᠯ ᠭᠡᠵᠦ ᠬᠤᠪᠢᠶᠠᠨ ᠲᠣᠭᠤᠷᠢᠨ ᠦᠵᠡᠬᠦ ᠪᠠ ᠠᠵᠤ ᠦᠶᠯᠡᠳᠪᠦᠷᠢ ᠶᠢᠨ ᠲᠤᠬᠠᠢ | ᠰᠤᠷᠤᠯᠴᠠᠵᠦ ᠪᠤᠯᠤᠨ᠎ᠠ᠂ ᠵᠢᠯ ᠤᠨ ᠬᠦᠯᠢᠶᠡᠨ ᠠᠪᠬᠤ ᠵᠢᠭᠤᠯᠴᠢᠯᠠᠬᠰᠠᠳ ᠨᠢᠭᠡᠨᠲᠡ 5 ᠲᠦᠮᠡ ᠭᠠᠷᠤᠶ ᠬᠦᠮᠦᠨ ᠳᠤ | ᠬᠦᠷᠴᠦ ᠪᠤᠢ᠃ | 2 . ᠬᠦᠨᠳᠡᠯᠡᠨ ᠭᠤᠤᠯ ᠨᠤᠭᠤ ᠭᠠᠵᠠᠷ ᠤᠨ ᠴᠡᠴᠡᠷᠯᠢᠭ | ᠬᠥᠨᠳᠡᠯᠡᠨ ᠭᠤᠣᠯ ᠪᠣᠯ ᠪᠤᠭᠤᠲᠤ ᠶᠢᠨ ᠡᠵᠢ ᠭᠤᠣᠯ ᠪᠣᠯᠤᠨ᠎ᠠ᠂ ᠡᠷᠲᠡᠨ ᠤ ᠦᠶ᠎ᠡ ᠳᠤ ︽ᠱᠢ ᠮᠧᠨ ᠱᠦᠢ︾ | ᠬᠡᠮᠡᠨ ᠨᠡᠷᠡᠯᠡᠭᠳᠡᠵᠤ᠂ ᠭᠦᠶᠡᠩ ᠰᠢᠶᠠᠨ ᠤ ᠴᠦᠨ ᠺᠦᠨ ᠱᠠᠨ ᠠᠭᠤᠯᠠᠨ ᠠᠴᠠ ᠡᠬᠢ ᠠᠪᠴᠤ᠂ ᠪᠦᠬᠦ ᠣᠷᠳᠣ ᠨᠢ | 143 ᠺᠢᠯᠣᠮᠧᠲᠷ᠂ 23 ᠰᠠᠯᠪᠤᠷᠢ ᠤᠷᠤᠰᠬᠠᠯ ᠲᠠᠢ᠂ ᠰᠠᠪᠠ ᠭᠠᠵᠠᠷ ᠤᠨ ᠲᠠᠯᠠᠪᠠᠶ ᠨᠢ 2726 ᠲᠡᠭᠰᠢ | ᠳᠥᠷᠪᠡᠯᠵᠢᠨ ᠺᠢᠯᠣᠮᠧᠲᠷ ᠪᠠᠶᠢᠳᠠᠭ᠃ ᠬᠥᠨᠳᠡᠯᠡᠨ ᠲᠣᠭᠤᠷᠢᠭ ᠢᠶᠠᠷ ᠤᠷᠤᠰᠤᠨ ᠥᠩᠭᠡᠷᠡᠬᠦ ᠬᠡᠰᠡᠭ ᠨᠢ 18.9 | ᠺᠢᠯᠣᠮᠧᠲᠷ ᠪᠠᠶᠢᠵᠤ᠂ ᠣᠲᠣ ᠨᠢᠭᠡᠨᠲᠡ ᠵᠠᠰᠠᠬᠰᠠᠨ ᠤᠷᠳᠤ ᠶᠢᠨ ᠬᠡᠮᠵᠢᠶ᠎ᠡ ᠨᠢ 14.4 ᠺᠢᠯᠣᠮᠧᠲᠷ ᠪᠤᠢ᠂ ᠡᠭᠦᠨ ᠳᠤ | ᠬᠦᠨᠳᠡᠯᠡᠨ ᠭᠤᠤᠯ ᠤᠨ ᠨᠢᠭᠡᠳᠦᠭᠡᠷ ᠬᠤᠭᠤᠴᠠᠭᠠᠨ ᠤ ᠢᠨᠵᠧᠨᠧᠷᠢᠩ ᠤᠨ ᠣᠷᠳᠣ ᠨᠢ 3.6 ᠺᠢᠯᠣᠮᠧᠲᠷ᠂ | ᠬᠤᠶᠠᠳᠤᠭᠠᠷ ᠬᠤᠭᠤᠴᠠᠭᠠᠨ ᠤ ᠢᠨᠵᠧᠨᠧᠷᠢᠩ ᠤᠨ ᠤᠷᠳᠤ ᠨᠢ 5 ᠺᠢᠯᠣᠮᠧᠲᠷ᠂ ᠭᠤᠷᠪᠠᠳᠤᠭᠠᠷ | ᠬᠤᠭᠤᠴᠠᠭᠠᠨ ᠤ ᠢᠨᠵᠧᠨᠧᠷᠢᠩ ᠤᠨ ᠤᠷᠳᠤ ᠨᠢ 5.8 ᠺᠢᠯᠣᠮᠧᠲᠷ ᠪᠣᠶ᠃ ᠬᠦᠨᠳᠡᠯᠡᠨ ᠭᠤᠤᠯ ᠤᠨ ᠬᠤᠶᠠᠳᠤᠭᠠᠷ | ᠬᠤᠭᠤᠴᠠᠭᠠᠨ ᠤ ᠢᠨᠵᠧᠨᠧᠷᠢᠩ ᠢ 2011 ᠣᠨ ᠠᠴᠠ ᠡᠬᠢᠯᠡᠨ ᠪᠠᠶᠢᠭᠤᠯᠵᠤ᠂ ᠨᠢᠭᠡᠳᠦᠭᠡᠷ ᠬᠤᠭᠤᠴᠠᠭᠠᠨ ᠤ 3.6 | ᠺᠢᠯᠣᠮᠧᠲᠷ ᠤᠨ ᠰᠠᠭᠤᠷᠢᠨ ᠳᠡᠭᠡᠷ᠎ᠡ ᠤᠮᠠᠷᠠᠰᠢ ᠪᠠᠨ 5 ᠺᠢᠯᠣᠮᠧᠲᠷ ᠤᠷᠲᠤᠳᠬᠠᠪᠠ᠃ ᠨᠢᠭᠡᠳᠦᠭᠡᠷ᠂ ᠬᠤᠶᠠᠳᠤᠭᠠᠷ | ᠬᠤᠭᠤᠴᠠᠭᠠᠨ ᠤ ᠢᠨᠵᠧᠨᠧᠷᠢᠩ ᠤᠨ ᠶᠡᠷᠦᠩᠬᠡᠶ ᠪᠡᠯᠡ ᠣᠷᠣᠭᠤᠯᠤᠯᠲᠠ ᠨᠢ 10.4 ᠳ᠋ᠦᠩᠰᠢᠭᠤᠷ ᠲᠥᠭᠦᠷᠢᠭ ᠪᠠᠶᠢᠵᠤ | ᠂ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢᠨ ᠠᠭᠤᠯᠭ᠎ᠠ ᠳᠤ᠄ 200 ᠮᠧᠲᠷ ᠥᠷᠭᠡᠨ ᠪᠦᠬᠦᠢ ᠦᠵᠡᠮᠵᠢᠳᠤ | ᠤᠰᠤ ᠬᠠᠳᠠᠭᠠᠯᠠᠬᠤ ᠲᠤᠭᠤᠷᠢᠭ᠂ 150 ᠮᠧᠲᠷ ᠥᠷᠭᠡᠨ ᠪᠦᠬᠦᠢ ᠴᠡᠴᠡᠷᠯᠢᠭ ᠤᠨ ᠨᠣᠭᠤᠭᠠᠷᠠᠭᠤᠯᠤᠯᠲᠠ ᠶᠢᠨ | ᠲᠤᠭᠤᠷᠢᠭ ᠪᠣᠯᠤᠨ 150 ᠮᠧᠲᠷ ᠥᠷᠭᠡᠨ ᠪᠦᠬᠦᠢ ᠨᠡᠬᠡᠬᠡᠨ ᠦᠬᠡᠷᠡᠴᠢᠯᠠᠨ ᠪᠠᠶᠢᠭᠤᠯᠬᠤ ᠲᠤᠭᠤᠷᠢᠭ᠂ ᠭᠤᠣᠯ ᠤᠨ | ᠵᠠᠮ ᠢ ᠥᠭᠡᠷᠡᠴᠢᠯᠡᠬᠦ᠂ ᠦᠵᠡᠮᠵᠢ ᠶᠢ ᠪᠠᠶᠢᠭᠤᠯᠬᠤ ᠪᠠ ᠠᠵᠤ ᠠᠬᠤᠶ ᠶᠢᠨ ᠨᠡᠬᠡᠬᠡᠯᠳᠡ ᠶᠢ ᠨᠢᠭᠡ ᠴᠣᠭᠴᠠ ᠪᠣᠯᠭᠠᠵᠤ᠂ | ᠬᠤᠲᠠ ᠶᠢᠨ ᠲᠣᠭᠤᠷᠢᠭ ᠪᠣᠯᠤᠨ ᠪᠤᠭᠤᠲᠤ ᠶᠢᠨ ᠪᠣᠯᠣᠳ ᠲᠡᠮᠦᠷ ᠤᠨ ᠡᠷᠭᠢᠨ ᠲᠣᠭᠤᠷᠢᠨ ᠤ ᠠᠮᠢ ᠠᠬᠤᠶ ᠶᠢᠨ | ᠲᠡᠩᠴᠡᠭᠦᠷᠢ ᠶᠢ ᠰᠡᠷᠬᠡᠶᠢᠯᠡᠬᠦ ᠳᠤ ᠢᠳᠡᠪᠬᠢᠲᠡᠶ ᠬᠤᠪᠢ ᠨᠡᠮᠡᠷᠢ ᠦᠵᠡᠭᠦᠯᠪᠡ᠃ | ᠣᠶᠢᠷ᠎ᠠ ᠶᠢᠨ ᠵᠢᠯ ᠳᠤ᠂ ᠠᠭᠤᠷ ᠠᠮᠢᠰᠬᠤᠯ ᠣᠷᠴᠢᠨ ᠲᠣᠭᠤᠷᠢᠨ ᠤ ᠯᠤᠲᠤ ᠶᠡᠭᠡ ᠬᠤᠪᠢᠷᠠᠯᠲᠠ ᠪᠠ ᠣᠲᠣ | ᠦᠶ᠎ᠡ ᠶᠢᠨ ᠠᠵᠤ ᠠᠬᠤᠶ ᠬᠢᠭᠡᠳ ᠪᠠᠶᠢᠭᠠᠯᠢ ᠠᠮᠢ ᠠᠬᠤᠶ ᠶᠢᠨ ᠮᠦᠷᠬᠦᠯᠳᠦᠬᠡᠨ ᠠᠴᠠ ᠪᠣᠯᠵᠣ᠂ ᠭᠤᠤᠯ ᠮᠥᠷᠡᠨ | ᠲᠠᠳᠠᠭᠤᠷᠠᠵᠤ᠂ ᠬᠤᠶᠠᠷ ᠡᠷᠭᠢ ᠶᠢᠨ ᠤᠷᠭᠤᠮᠠᠯ ᠤᠨ ᠬᠤᠴᠢᠯᠭ᠎ᠠ ᠰᠡᠶᠢᠷᠡᠭᠰᠢᠵᠦ᠂ ᠭᠤᠤᠯ ᠤᠨ ᠵᠠᠮ ᠳᠣᠲᠣᠷ᠎ᠠ ᠨᠢᠭᠡ | ᠦᠶ᠎ᠡ ᠪᠤᠵᠠᠷ ᠡᠪᠡᠰᠦ ᠪᠠᠭᠰᠢᠷᠠᠨ ᠤᠷᠭᠤᠵᠤ᠂ ᠬᠤᠭ ᠨᠣᠪᠰᠢ ᠪᠠᠷ ᠲᠦᠬᠦᠷᠴᠦ᠂ ᠬᠠᠶᠢᠷ ᠴᠢᠯᠠᠭᠤ ᠭᠠᠷᠭᠠᠨ ᠠᠪᠬᠤ | ᠲᠠᠯᠠᠪᠠᠶ ᠭᠤᠤᠯ ᠤᠨ ᠰᠠᠪᠠ ᠶᠢ ᠠᠳᠡ ᠲᠠᠨᠳᠠ ᠦᠬᠡᠢ ᠨᠦᠬᠡ ᠭᠠᠷᠳᠠᠯ᠎ᠠ ᠮᠠᠯᠲᠠᠪᠠ᠃ ᠦᠶᠡᠷ ᠤᠨ ᠤᠰᠤ | ᠲᠣᠬᠢᠶᠠᠯᠳᠤᠬᠤ ᠪᠦᠷᠢ᠂ ᠬᠥᠨᠳᠡᠯᠡᠨ ᠭᠤᠤᠯ ᠤᠨ ᠤᠰᠤ ᠶᠡᠭᠡ ᠬᠡᠮᠵᠢᠶᠡᠨ ᠤ ᠡᠯᠡᠰᠦ ᠰᠢᠪᠠᠷ ᠢ ᠠᠪᠴᠤ ᠬᠠᠲᠤᠨ | ᠭᠤᠤᠯ ᠳᠤ ᠴᠢᠳᠬᠤᠨᠡ᠂ ᠡᠭᠦᠨ ᠤ ᠳᠡᠭᠡᠷ᠎ᠡ ᠰᠠᠯᠬᠢ ᠡᠯᠡᠰᠦᠨ ᠤ ᠪᠣᠬᠢᠷᠲᠤᠯ ᠬᠦᠨᠳᠦ ᠨᠣᠴᠢᠲᠠᠶ ᠪᠠᠶᠢᠵᠤ᠂ ᠶᠡᠭᠡ | ᠰᠠᠯᠬᠢ᠂ ᠡᠯᠡᠰᠦᠨ ᠰᠢᠭᠤᠷᠭ᠎ᠠ ᠳᠡᠭᠳᠡᠬᠦ ᠪᠦᠷᠢ᠂ ᠪᠥᠬᠦ ᠬᠤᠲᠠ ᠶᠢ ᠡᠯᠡᠰᠦ ᠰᠢᠭᠤᠷᠭ᠎ᠠ ᠪᠠᠷ ᠪᠦᠷᠬᠦᠵᠦ᠂ | ᠬᠤᠲᠠ ᠶᠢᠨ ᠲᠣᠭᠤᠷᠢᠭ ᠤᠨ ᠦᠵᠡᠮᠵᠢ ᠪᠠ ᠬᠤᠲᠠ ᠶᠢᠨ ᠠᠷᠠᠳ ᠤᠨ ᠠᠮᠢᠳᠤᠷᠠᠯ ᠤᠨ ᠣᠷᠴᠢᠨ ᠲᠣᠭᠤᠷᠢᠨ ᠢ | ᠬᠦᠨᠳᠦ ᠨᠣᠴᠢᠲᠠᠶ ᠨᠥᠯᠥᠭᠡᠯᠡᠵᠦ᠂ ᠡᠳᠦᠷ ᠠᠴᠠ ᠡᠳᠦᠷ ᠰᠢᠨᠡᠳᠦᠨ ᠬᠤᠪᠢᠷᠠᠵᠤ ᠪᠠᠶᠢᠭ᠎ᠠ ᠬᠤᠲᠠ ᠶᠢᠨ ᠪᠥᠲᠥᠭᠡᠨ | ᠪᠠᠶᠢᠭᠤᠯᠤᠯᠲᠠ ᠲᠠᠢ ᠴᠢᠩᠭ᠎ᠠ ᠬᠠᠷᠢᠴᠠᠭᠤᠯᠤᠯ ᠪᠤᠯᠳᠠᠭ᠃ ᠤᠳᠤᠬᠠᠨ ᠤ ᠡᠨᠡ ᠬᠦ ᠪᠠᠶᠢᠳᠠᠯ ᠢ ᠲᠦᠢᠯᠪᠤᠷᠢᠲᠠᠶ | ᠰᠠᠶᠢᠵᠢᠷᠠᠭᠤᠯᠵᠤ᠂ ᠭᠤᠣᠯ ᠤᠨ ᠵᠠᠮ ᠤᠨ ᠠᠮᠢ ᠠᠬᠤᠶ ᠶᠢᠨ ᠴᠢᠳᠠᠪᠬᠢ ᠶᠢ ᠰᠡᠷᠭᠦᠭᠡᠬᠦ ᠵᠢᠴᠢ ᠤᠰᠤ᠂ ᠤᠷᠭᠤᠮᠠᠯ᠂ | ᠠᠮᠢᠲᠠᠨ᠂ ᠬᠥᠮᠦᠨ ᠲᠥᠷᠥᠯᠬᠢᠲᠡᠨ ᠤ ᠡᠶ᠎ᠡ ᠵᠣᠬᠢᠴᠠᠯ ᠲᠠᠢ ᠪᠠᠷ ᠬᠠᠮᠲᠤ ᠣᠷᠣᠰᠢᠬᠤ ᠰᠢᠨ᠎ᠡ ᠪᠠᠶᠢᠳᠠᠯ ᠢ ᠪᠤᠶ | ᠪᠣᠯᠭᠠᠵᠤ᠂ ᠤᠰᠤᠨ ᠤ ᠠᠮᠢ ᠠᠬᠤᠢ ᠣᠷᠴᠢᠨ ᠲᠣᠭᠤᠷᠢᠨ ᠮᠠᠭᠤᠳᠠᠬᠤ ᠬᠠᠨᠳᠤᠰᠢ ᠶᠢ ᠡᠬᠢ ᠡᠭᠦᠰᠦᠯ ᠠᠴᠠ ᠨᠢ | ᠬᠤᠪᠢᠷᠠᠭᠤᠯᠬᠤ ᠶᠢᠨ ᠲᠥᠯᠥᠭᠡ᠂ ᠬᠤᠲᠠ᠂ ᠲᠣᠭᠤᠷᠢᠭ ᠬᠤᠶᠠᠷ ᠱᠠᠲᠤᠨ ᠤ ᠵᠠᠰᠠᠭ ᠤᠨ ᠣᠷᠳᠣᠨ ᠤ ᠱᠠᠭᠠᠷᠳᠠᠯᠭ᠎ᠠ | ᠪᠠ ᠲᠣᠬᠢᠷᠠᠭᠤᠯᠤᠯᠲᠠ ᠶᠣᠰᠣᠭᠠᠷ᠂ 2014 ᠣᠨ ᠤ 3 ᠰᠠᠷ᠎ᠠ ᠶᠢᠨ ᠳᠤᠮᠳᠠᠴᠢ ᠪᠠᠷ᠂ ᠬᠦᠨᠳᠡᠯᠡᠨ ᠭᠤᠤᠯ ᠤᠨ | ᠲᠡᠬᠡᠳᠤ ᠤᠷᠤᠰᠬᠠᠯ ᠤᠨ 110 ᠤᠯᠤᠰ ᠤᠨ ᠵᠠᠮ ᠠᠴᠠ ᠤᠰᠤᠨ ᠴᠥᠭᠦᠷᠥᠮ ᠬᠦᠷᠲᠡᠯᠡᠬᠢ ᠬᠡᠰᠡᠭ ᠤᠨ | ᠶᠡᠷᠦᠩᠬᠡᠶᠢᠯᠡᠨ ᠵᠠᠰᠠᠬᠤ ᠢᠨᠵᠧᠨᠧᠷᠢᠩ ᠢ ᠡᠬᠢᠯᠡᠬᠦᠯᠦᠨ ᠬᠡᠷᠡᠭᠵᠢᠭᠦᠯᠪᠠ᠃ ᠤᠮᠠᠷᠠᠰᠢ ᠪᠠᠨ ᠱᠢ ᠮᠧᠨ ᠦᠵᠡᠮᠵᠢ ᠶᠢᠨ | ᠣᠷᠣᠨ ᠲᠠᠢ ᠵᠠᠯᠭᠠᠯᠳᠤᠵᠤ᠂ ᠡᠮᠦᠨ᠎ᠡ ᠲᠠᠯ᠎ᠠ ᠪᠠᠷ ᠢᠶᠠᠨ G110 ᠤᠯᠤᠰ ᠤᠨ ᠵᠠᠮ ᠲᠠᠢ ᠨᠢᠭᠤᠷᠯᠠᠵᠤ᠂ ᠵᠡᠭᠦᠨ | ᠪᠠᠷᠠᠭᠤᠨ ᠬᠤᠶᠠᠷ ᠲᠠᠯ᠎ᠠ ᠪᠠᠷ ᠢᠶᠠᠨ ᠳᠠᠯᠠᠨ ᠬᠠᠷ᠎ᠠ ᠠᠭᠤᠯᠠ ᠶᠢᠨ ᠠᠭᠤᠯᠠᠨ ᠴᠤᠬᠴᠠ ᠪᠠᠶᠢᠵᠤ᠂ ᠠᠭᠤᠯᠠᠨ | ᠴᠣᠭᠴᠠ ᠶᠢᠨ ᠠᠶᠠᠨᠳᠠᠭᠠᠨ ᠪᠤᠶᠢᠵᠢᠵᠤ ᠪᠦᠷᠢᠯᠳᠦᠭᠰᠡᠨ ᠭᠤᠣᠯ ᠤᠨ ᠬᠥᠨᠳᠡᠶ ᠶᠢᠨ ᠭᠠᠵᠠᠷ ᠤᠨ ᠪᠠᠶᠢᠴᠠ ᠪᠣᠯᠤᠨ᠎ᠠ᠃ | ᠬᠦᠨᠳᠡᠯᠡᠨ ᠭᠤᠣᠯ ᠤᠨ ᠵᠡᠭᠦᠨ ᠪᠠᠷᠠᠭᠤᠨ ᠬᠤᠶᠠᠷ ᠡᠷᠬᠢ ᠶᠢ ᠨᠢᠭᠡᠳᠦᠯᠲᠡᠢ ᠲᠥᠯᠥᠪᠵᠢᠭᠦᠯᠦᠨ ᠬᠥᠭᠵᠢᠭᠦᠯᠬᠦ ᠨᠢ | ᠨᠤᠭᠤ ᠭᠠᠵᠠᠷ ᠤᠨ ᠴᠡᠴᠡᠷᠯᠢᠭ᠂ ᠬᠥᠨᠳᠡᠯᠡᠨ ᠰᠦᠮ᠎ᠡ᠂ ᠪᠤᠭᠤᠲᠤ ᠶᠢᠨ ᠪᠤᠯᠤᠳ ᠲᠡᠮᠤᠷ ᠤᠨ ᠭᠤᠣᠯ ᠤᠨ ᠪᠠᠷᠠᠭᠤᠨ | ᠴᠡᠴᠡᠷᠯᠢᠭ᠂ ᠵᠤᠤ ᠤᠯᠤᠰ ᠤᠨ ᠦᠶ᠎ᠡ ᠶᠢᠨ ᠤᠷᠳᠤ ᠴᠠᠭᠠᠨ ᠬᠡᠷᠡᠮ ᠵᠡᠷᠭᠡ ᠦᠵᠡᠮᠵᠢ ᠨᠢ ᠦᠷᠬᠦᠯᠵᠢᠯᠠᠨ | ᠵᠠᠯᠭᠠᠯᠳᠤᠵᠤ ᠡᠮᠦᠨ᠎ᠡ ᠤᠮᠠᠷ᠎ᠠ ᠶᠢ ᠬᠤᠯᠪᠣᠭᠰᠠᠨ ᠨᠣᠮᠢᠨ ᠨᠣᠭᠤᠭᠠᠨ ᠬᠠᠯᠬᠠᠪᠴᠢ ᠪᠣᠯᠭᠠᠵᠤ᠂ ᠠᠵᠤ ᠠᠬᠤᠢ᠂ ᠠᠮᠢ | ᠠᠬᠤᠢ᠂ ᠰᠣᠶᠣᠯ᠂ ᠵᠢᠭᠤᠯᠴᠢᠯᠠᠯ ᠢ ᠨᠢᠭᠡ ᠴᠤᠬᠴᠠᠵᠢᠭᠤᠯᠤᠬᠰᠠᠨ ᠪᠠᠶᠢᠭᠠᠯᠢ ᠶᠢᠨ ᠠᠶᠠᠨᠳᠠᠭᠠᠨ ᠪᠦᠷᠢᠯᠳᠦᠭᠰᠡᠨ | ᠵᠢᠭᠤᠯᠴᠢᠯᠠᠯ ᠤᠨ ᠰᠣᠳᠣᠨ ᠱᠤᠭᠤᠮ ᠢ ᠪᠦᠷᠢᠯᠳᠦᠭᠦᠯᠵᠦ᠂ ᠬᠥᠨᠳᠡᠯᠡᠨ ᠭᠤᠣᠯ ᠤᠨ ᠰᠠᠪᠠ ᠭᠠᠵᠠᠷ ᠤᠨ ᠠᠵᠤ | ᠠᠬᠤᠢ ᠶᠢᠨ ᠦᠷᠭᠦᠯᠵᠢᠯᠡᠬᠦ ᠬᠥᠭᠵᠢᠯᠲᠡ ᠶᠢᠨ ᠬᠦᠴᠦᠲᠡᠢ ᠪᠠᠲᠤᠯᠠᠭ᠎ᠠ ᠪᠣᠯᠵᠤ᠂ ᠬᠥᠨᠳᠡᠯᠡᠨ ᠲᠣᠭᠤᠷᠢᠭ ᠢ ᠪᠣᠬᠢᠷᠲᠤᠯ | ᠦᠭᠡᠢ᠂ ᠪᠣᠯᠪᠠᠰᠤᠨ᠂ ᠵᠣᠯ ᠵᠢᠷᠭᠠᠯᠲᠤ ᠰᠠᠶᠢᠨ ᠰᠠᠶᠢᠬᠠᠨ ᠭᠡᠷ ᠣᠷᠣᠨ ᠪᠣᠯᠭᠠᠵᠠᠢ᠃ | 3 . ᠱᠢ ᠮᠧᠨ ᠦᠵᠡᠮᠵᠢ ᠶᠢᠨ ᠣᠷᠣᠨ | ᠪᠤᠭᠤᠲᠤ ᠬᠤᠲᠠ ᠶᠢᠨ ᠬᠤᠶᠢᠲᠤ ᠬᠡᠰᠡᠭ ᠤᠨ ᠮᠤᠨᠢ ᠠᠭᠤᠯᠠ ᠨᠢᠷᠤᠭᠤ ᠶᠢᠨ ᠬᠠᠪᠴᠢᠯ ᠳᠤᠮᠳᠠ ᠪᠠᠶᠢᠷᠢᠯᠠᠵᠤ᠂ | ᠪᠤᠭᠤᠲᠤ ᠬᠤᠲᠠ ᠶᠢᠨ ᠤᠰᠤᠨ ᠴᠥᠭᠦᠷᠥᠮ ᠤᠨ ᠬᠠᠮᠢᠶᠠᠷᠤᠯᠲᠠ ᠶᠢᠨ ᠭᠠᠵᠠᠷ ᠲᠤ ᠬᠠᠷᠢᠶᠠᠯᠠᠭᠳᠠᠨ᠎ᠠ᠃ | ᠦᠵᠡᠮᠵᠢ ᠶᠢᠨ ᠣᠷᠣᠨ ᠢᠶᠠᠷ ᠤᠷᠤᠰᠤᠨ ᠥᠩᠭᠡᠷᠡᠬᠦ ᠬᠥᠨᠳᠡᠯᠡᠨ ᠭᠤᠤᠯ ᠢ ᠡᠷᠳ᠋ᠨ ᠳᠡᠭᠡᠨ ︽ᠱᠢ ᠮᠧᠨ ᠱᠦᠶ︾ | ᠭᠡᠵᠤ ᠨᠠᠷᠡᠯᠡᠵᠤ ᠪᠠᠶᠢᠬᠰᠠᠨ ᠠᠴᠠ ᠲᠤᠰ ᠦᠵᠡᠮᠵᠢ ᠶᠢᠨ ᠤᠷᠤᠨ ᠢ ᠡᠶᠢᠨᠬᠦ ᠨᠡᠷᠡᠶᠢᠳᠦᠭᠰᠡᠨ ᠠᠵᠢ᠃ ᠦᠵᠡᠮᠵᠢ ᠶᠢᠨ | ᠣᠷᠣᠨ ᠤ ᠲᠠᠯᠠᠪᠠᠶ ᠨᠢ 16 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ ᠤᠯᠤᠰ ᠤᠨ ᠤᠰᠤᠨ ᠠᠰᠢᠭᠯᠠᠯᠲᠠ ᠶᠢᠨ | ᠦᠵᠡᠮᠵᠢ ᠶᠢᠨ ᠣᠷᠣᠨ᠂ ᠥᠪᠡᠷᠲᠡᠭᠡᠨ ᠵᠠᠰᠠᠬᠤ ᠣᠷᠣᠨ ᠤ ᠣᠶ ᠰᠢᠭᠤᠶ ᠶᠢᠨ ᠴᠡᠴᠡᠷᠯᠢᠭ᠂ ᠥᠪᠡᠷᠲᠡᠭᠡᠨ ᠵᠠᠰᠠᠬᠤ | ᠣᠷᠣᠨ ᠤ ᠵᠢᠭᠤᠯᠴᠢᠯᠠᠯ ᠤᠨ ᠰᠢᠰᠲ᠋ᠧᠮ ᠤᠨ ᠵᠠᠯᠠᠭᠤᠴᠤᠳ ᠤᠨ ᠪᠣᠯᠪᠠᠰᠤᠨ ᠤ ᠴᠤᠯᠠ ᠶᠢ ᠬᠦᠷᠳᠡᠭᠰᠠᠨ ᠨᠢᠬᠡᠴᠢ ᠪᠠ | ᠪᠤᠭᠤᠲᠤ ᠬᠤᠲᠠ ᠶᠢᠨ ᠰᠢᠯᠢᠳᠡᠭ ᠵᠢᠭᠤᠯᠴᠢᠯᠠᠯ ᠤᠨ ᠣᠷᠣᠨ ᠪᠣᠯᠤᠨ᠎ᠠ᠃ ᠦᠵᠡᠮᠵᠢ ᠶᠢᠨ ᠣᠷᠣᠨ ᠤ ᠳᠣᠲᠣᠷ᠎ᠠ | ᠤᠯᠤᠰ ᠤᠨ ᠨᠢᠭᠡᠳᠦᠭᠡᠷ᠂ ᠬᠤᠶᠠᠳᠤᠭᠠᠷ ᠳᠡᠰ ᠤᠨ ᠬᠠᠮᠠᠭᠠᠯᠠᠯᠲᠠ ᠶᠢ ᠬᠦᠷᠳᠡᠵᠤ ᠪᠠᠶᠢᠭ᠎ᠠ ᠣᠯᠠᠨ ᠵᠦᠢᠯ ᠤᠨ | ᠠᠮᠢᠲᠠᠨ ᠪᠤᠢ᠂ ᠨᠠᠷᠠᠰᠤ᠂ ᠮᠠᠶᠢᠯᠠᠰᠤ᠂ ᠴᠦᠬᠦᠷᠰᠦ᠂ ᠴᠠᠭᠠᠨ ᠬᠤᠰᠤ᠂ ᠥᠷᠭᠡᠰᠦᠲᠦ ᠭᠦᠢᠯᠡᠰᠦ ᠵᠡᠷᠭᠡ ᠬᠡᠳᠦᠨ | ᠠᠷᠪᠠᠨ ᠵᠦᠢᠯ ᠤᠨ ᠤᠷᠭᠤᠮᠠᠯ ᠲᠠᠢ᠂ ᠦᠵᠡᠮᠵᠢ ᠶᠢᠨ ᠣᠷᠣᠨ ᠨᠢ ᠪᠠᠶᠢᠭᠠᠯᠢ᠂ ᠢᠨᠵᠧᠨᠧᠷᠢᠩ᠂ ᠵᠤᠭ᠎ᠠ ᠴᠡᠩᠭᠡᠯ᠂ | ᠰᠣᠶᠣᠯ ᠢᠷᠭᠡᠨᠰᠢᠯ ᠵᠡᠷᠬᠡ ᠳᠥᠷᠪᠡᠨ ᠶᠡᠭᠡ ᠦᠵᠡᠮᠵᠢ ᠶᠢ ᠨᠢᠭᠡ ᠴᠣᠭᠴᠠᠵᠢᠭᠤᠯᠤᠬᠰᠠᠨ ᠪᠠᠶᠢᠨ᠎ᠠ᠃ ᠦᠵᠡᠮᠵᠢ ᠶᠢᠨ | ᠣᠷᠣᠨ ᠤ ᠭᠤᠤᠯ ᠲᠥᠪ ᠲᠤ ᠤᠰᠤᠨ ᠴᠥᠭᠦᠷᠥᠮ ᠤᠨ ᠶᠡᠭᠡ ᠬᠠᠰᠢᠯᠭ᠎ᠠ ᠳᠤ ᠲᠦᠰᠢᠭᠯᠡᠵᠤ᠂ ᠦᠨᠳᠦᠷ ᠬᠠᠪᠴᠢᠯ | ᠳᠤ ᠲᠤᠨᠤᠮᠠᠯ ᠤᠰᠤᠨ ᠪᠦᠷᠢᠯᠳᠦᠭᠰᠡᠨ ᠰᠦᠷᠯᠢᠭ ᠦᠵᠡᠮᠵᠢ ᠶᠢ ᠪᠤᠢ ᠪᠤᠯᠭᠠᠬᠰᠠᠨ ᠪᠠᠶᠢᠨ᠎ᠠ᠃ | ᠰᠤᠶᠤᠯ ᠢᠷᠬᠡᠨᠰᠢᠯ ᠤᠨ ᠦᠵᠡᠮᠵᠢ ᠳᠤ᠂ ︽ᠵᠣᠣ ᠤᠯᠤᠰ ᠤᠨ ᠡᠦ ᠯᠢᠩ ᠸᠠᠩ ᠬᠤ᠋ ᠬᠦᠮᠦᠨ ᠤ ᠬᠤᠪᠴᠠᠰᠤ | ᠶᠢ ᠡᠮᠦᠰᠴᠦ ᠬᠠᠷᠪᠤᠨ ᠨᠠᠮᠨᠠᠬᠤ ᠶᠢ ᠰᠤᠷᠤᠬᠰᠠᠨ︾᠂ ︽ᠴᠢᠨ ᠱᠢ ᠬᠤᠸᠠᠩ ᠮᠧᠩ ᠲᠢᠶᠠᠨ ᠢ ᠵᠠᠷᠯᠢᠬᠳᠠᠵᠤ | ᠬᠤᠶᠢᠲᠤ ᠪᠡᠶ᠎ᠡ ᠪᠠᠷ ᠤᠷᠳᠤ ᠴᠠᠭᠠᠨ ᠬᠡᠷᠡᠮ ᠢ ᠪᠠᠶᠢᠭᠤᠯᠤᠬᠰᠠᠨ︾᠂ ︽ᠬᠠᠨ ᠡᠦ ᠳ᠋ᠢ ᠬᠠᠭᠠᠨ ᠬᠤᠶᠢᠲᠤ ᠪᠡᠶ᠎ᠡ ᠪᠠᠷ | ᠲᠤᠭᠤᠷᠢᠨ ᠴᠠᠨ ᠢᠦᠶ ᠲᠠᠢ ᠳᠤ ᠬᠦᠷᠦᠭᠰᠡᠨ ᠨᠢ ︾᠂ ︽ᠵᠣᠣ ᠵᠢᠶᠦ᠋ᠨ ᠪᠣᠭᠤᠮᠲᠠ ᠶᠢᠨ ᠭᠠᠳᠠᠨ᠎ᠠ ᠮᠤᠷᠳᠠᠬᠰᠠᠨ︾ | ᠵᠡᠷᠭᠡ ᠦᠯᠢᠬᠡᠷ ᠪᠤᠢ᠂ ᠤᠯᠠᠮᠵᠢᠯᠠᠯ ᠶᠠᠷᠢᠶᠠᠨ ᠳᠤ ᠵᠣᠣ ᠵᠢᠶᠦ᠋ᠨ ᠰᠢᠶᠡᠨᠶᠠᠩ ᠠᠴᠠ ᠮᠤᠷᠳᠠᠵᠤ᠂ ᠵᠢᠦᠶᠤᠸᠠᠨ | ᠵᠢᠶᠦ᠋ᠨ ᠳᠤ ᠬᠦᠷᠴᠦ᠂ ᠱᠢ ᠮᠧᠨ ᠬᠠᠪᠴᠢᠯ ᠢ ᠨᠡᠪᠲᠡᠯᠦᠨ ᠭᠤᠪᠢ ᠶᠢᠨ ᠠᠷᠤ ᠳᠤ ᠬᠦᠷᠳᠡᠯ᠎ᠡ᠂ ᠵᠠᠮ ᠲᠤᠷᠰᠢ | ᠭᠤᠨᠢᠬᠯᠠᠨ ᠡᠮᠬᠢᠨᠢᠵᠤ ᠲᠤᠶᠢᠯ ᠤᠨ ᠤᠶᠠᠷᠠᠭᠤᠨ ᠵᠢᠪᠬᠤᠯᠠᠩᠲᠠᠶ ᠪᠠᠶᠢᠵᠠᠢ᠃ ᠠᠳᠡ ᠬᠡᠯᠡᠵᠤ ᠪᠠᠶᠢᠭ᠎ᠠ ᠱᠢ ᠮᠧᠨ | ᠬᠠᠪᠴᠢᠯ ᠬᠡᠵᠤ ᠥᠨᠥᠳᠦᠷ ᠤᠨ ᠬᠥᠨᠳᠡᠯᠡᠨ ᠭᠤᠤᠯ ᠤᠨ ᠭᠤᠤᠯ ᠤᠨ ᠬᠥᠨᠳᠡᠶ ᠶᠢ ᠬᠡᠯᠡᠵᠤ ᠪᠤᠢ᠃ | ᠣᠶᠢᠷ᠎ᠠ ᠶᠢᠨ ᠵᠢᠯ ᠳᠤ᠂ ᠪᠤᠭᠤᠲᠤ ᠬᠤᠲᠠ ᠶᠢᠨ ᠤᠰᠤᠨ ᠴᠥᠭᠦᠷᠥᠮ ᠤᠨ ᠬᠠᠮᠢᠶᠠᠷᠤᠯᠲᠠ ᠶᠢᠨ ᠭᠠᠵᠠᠷ | ᠵᠢᠭᠤᠯᠴᠢᠯᠠᠯ ᠢᠶᠠᠷ ᠤᠰᠤ ᠶᠢ ᠵᠠᠰᠬᠤ ᠬᠥᠭᠵᠢᠯᠲᠡ ᠶᠢᠨ ᠤᠶᠢᠯᠠᠭᠠᠬᠳᠠᠬᠤᠨ ᠢ ᠪᠣᠶ ᠪᠣᠯᠭᠠᠵᠤ᠂ ᠵᠢᠭᠤᠯᠴᠢᠯᠠᠯ ᠤᠨ | ᠠᠵᠤ ᠦᠶᠯᠡᠰ ᠤᠨ ᠬᠥᠭᠵᠢᠯᠲᠡ ᠶᠢᠨ ᠣᠷᠣᠨ ᠵᠠᠶ ᠶᠢ ᠶᠡᠬᠡᠪᠡᠷ ᠥᠷᠭᠡᠳᠬᠡᠨ᠂ ᠲᠥᠷᠥᠯ ᠲᠡᠮᠳᠡᠭ ᠢ ᠡᠵᠡᠩᠨᠡᠬᠦ | ᠠᠵᠢᠯ ᠢ ᠨᠢᠮᠪᠠᠶ ᠰᠠᠶᠢᠲᠤᠷ ᠬᠢᠵᠦ᠂ 110 ᠤᠯᠤᠰ ᠤᠨ ᠵᠠᠮ ᠤᠨ ᠦᠵᠡᠮᠵᠢ ᠶᠢᠨ ᠣᠷᠣᠨ ᠳᠤ ᠨᠡᠪᠲᠡᠷᠡᠬᠦ ᠲᠤᠰᠬᠠᠶ | ᠬᠡᠷᠡᠭᠯᠡᠬᠦ ᠵᠠᠰᠠᠮᠠᠯ ᠵᠠᠮ ᠢ ᠥᠷᠭᠡᠳᠬᠡᠨ ᠪᠠᠶᠢᠭᠤᠯᠵᠤ᠂ ᠦᠵᠡᠮᠵᠢ ᠶᠢᠨ ᠣᠷᠣᠨ ᠤ ᠳᠣᠲᠣᠷᠠᠬᠢ ᠵᠢᠭᠤᠯᠴᠢᠯᠠᠯ ᠤᠨ | ᠵᠠᠮ ᠢ ᠬᠠᠲᠠᠭᠤᠷᠠᠭᠤᠯᠵᠤ᠂ ᠠᠷᠠᠯᠵᠢᠶᠠᠴᠢᠨ ᠤᠷᠢᠵᠤ ᠪᠠᠯᠠ ᠣᠷᠣᠭᠤᠯᠬᠤ ᠪᠠᠷ ᠳᠠᠮᠵᠢᠭᠤᠯᠤᠨ ᠬᠦᠨᠳᠡᠯᠡᠨ ᠲᠤᠭᠤᠷᠢᠭ | ᠤᠨ ᠣᠯᠠᠨ ᠤᠯᠤᠰ ᠤᠨ ᠴᠡᠨᠡᠯᠡᠯᠳᠡ ᠶᠢᠨ ᠲᠠᠯᠠᠪᠠᠶ ᠵᠡᠷᠭᠡ ᠵᠤᠭ᠎ᠠ ᠴᠡᠩᠭᠡᠯ ᠤᠨ ᠲᠥᠷᠥᠯ ᠵᠦᠶᠯ ᠢ ᠨᠡᠭᠡᠭᠡᠨ | ᠬᠥᠭᠵᠢᠭᠦᠯᠵᠦ ᠪᠥᠲᠥᠭᠡᠨ ᠪᠠᠶᠢᠭᠤᠯᠪᠠ᠃ | ᠬᠤᠶᠠᠷ᠂ ᠲᠡᠦᠬᠡ᠂ ᠰᠣᠶᠣᠯ ᠤᠨ ᠡᠬᠢ ᠪᠠᠶᠠᠯᠢᠭ | 1. ᠬᠥᠨᠳᠡᠯᠡᠨ ᠰᠦᠮ᠎ᠡ | ᠰᠡᠬᠦ᠋ᠢᠨ ᠰᠦᠨᠳᠡᠷᠯᠡᠭᠰᠡᠨ ᠰᠦᠮ᠎ᠡ ᠶᠢᠨ ᠬᠠᠭᠠᠯᠭ᠎ᠠ ᠨᠢ ᠰᠢᠨ᠎ᠡ ᠲᠡᠦᠬᠡ ᠶᠢ ᠨᠡᠬᠡᠬᠡᠵᠢ᠂ ᠠᠷᠤ ᠲᠠᠯ᠎ᠠ ᠪᠠᠷ ᠢᠶᠠᠨ | ᠥᠨᠳᠥᠷ ᠰᠦᠷᠯᠢᠭ ᠮᠤᠨᠢ ᠠᠭᠤᠯᠠ ᠶᠢ ᠲᠦᠰᠢᠵᠦ᠂ ᠮᠤᠷᠤᠯᠵᠠᠨ ᠤᠷᠤᠰᠬᠤ ᠬᠥᠨᠳᠡᠯᠡᠨ ᠭᠤᠣᠯ ᠢ ᠨᠠᠯᠠᠵᠤ᠂ | ᠦᠵᠡᠰᠬᠦᠯᠡᠩᠳᠤ ᠰᠠᠶᠢᠬᠠᠨ ᠰᠦᠮ᠎ᠡ ᠶᠢᠨ ᠠᠭᠤᠳᠠᠮ ᠲᠠᠯᠠᠪᠠᠢ ᠲᠠᠢ ᠦᠩᠬᠡ ᠮᠦᠴᠡᠭᠡᠷᠬᠡᠨ᠂ ᠥᠨᠥᠳᠦᠷ ᠤᠨ | ᠬᠥᠨᠳᠡᠯᠡᠨ ᠰᠦᠮ᠎ᠡ ᠰᠢᠨ᠎ᠡ ᠴᠠᠭ ᠦᠶ᠎ᠡ ᠶᠢᠨ ᠥᠪᠡᠷᠮᠢᠴᠡ ᠭᠠᠶᠢᠬᠠᠮᠰᠢᠬᠳᠤ ᠲᠠᠲᠠᠬᠤ ᠬᠦᠴᠦᠨ ᠢ ᠢᠯᠡᠷᠡᠬᠦᠯᠦᠨ᠎ᠠ᠃ | ᠬᠥᠨᠳᠡᠯᠡᠨ ᠰᠦᠮ᠎ᠡ᠂ ᠬᠥᠨᠳᠡᠯᠡᠨ ᠭᠤᠤᠯ ᠤᠨ ᠪᠠᠷᠠᠭᠤᠨ ᠡᠷᠭᠢ ᠳᠤ ᠪᠠᠶᠢᠷᠢᠯᠠᠵᠤ᠂ 1687 ᠣᠨ ︵ᠡᠩᠬᠡ | ᠠᠮᠤᠭᠤᠯᠠᠩ ᠤᠨ ᠬᠤᠷᠢᠨ ᠵᠢᠷᠭᠤᠳᠤᠭᠠᠷ ᠣᠨ︶ ᠳᠤ ᠪᠠᠶᠢᠭᠤᠯᠵᠠᠶ᠂ 1729 ᠣᠨ ᠳᠤ ᠥᠷᠭᠡᠳᠬᠡᠨ ᠪᠠᠶᠢᠭᠤᠯᠵᠤ᠂ | ᠴᠢᠩ ᠤᠯᠤᠰ ᠤᠨ ᠲᠩᠷᠢ ᠲᠡᠳᠬᠦᠭᠴᠢ ᠬᠠᠭᠠᠨ ᠠᠴᠠ ᠹᠠ ᠰᠢ ᠰᠾᠢ ᠰᠦᠮ᠎ᠡ ᠬᠡᠬᠦ ᠨᠡᠷ᠎ᠡ ᠬᠠᠶᠢᠷᠠᠯᠠᠵᠠᠢ᠂ ᠮᠣᠩᠭᠤᠯ | ᠨᠡᠷ᠎ᠡ ᠨᠢ ᠵᠢᠷᠭᠠᠯᠠᠩᠳᠤ ᠰᠦᠮ᠎ᠡ ᠭᠡᠳᠡᠭ᠂ ᠬᠢᠲᠠᠳ ᠢᠶᠠᠷ ᠪᠤᠶᠠᠨ ᠦᠢᠯᠡᠳᠬᠦ ᠰᠦᠮ᠎ᠡ ᠭᠡᠵᠦ ᠣᠷᠴᠢᠭᠤᠯᠪᠠ᠂ ᠭᠡᠪᠡᠴᠦ | ᠰᠦᠮ᠎ᠡ ᠨᠢ ᠬᠥᠨᠳᠡᠯᠡᠨ ᠭᠤᠤᠯ ᠤᠨ ᠬᠦᠪᠡᠭᠡ ᠳᠤ ᠪᠠᠶᠢᠷᠢᠯᠠᠬᠰᠠᠨ ᠠᠴᠠ᠂ ᠭᠤᠷᠪᠠᠨ ᠵᠠᠭᠤᠨ ᠵᠢᠯ ᠤᠨ ᠲᠤᠷᠰᠢ᠂ | ᠬᠥᠮᠦᠰ ᠪᠦᠷ ᠲᠡᠭᠦᠨ ᠢ ᠬᠥᠨᠳᠡᠯᠡᠨ ᠰᠦᠮ᠎ᠡ ᠭᠡᠳᠡᠭ᠃ ᠤᠤᠯ ᠨᠢ ᠤᠷᠠᠳ ᠤᠨ ᠲᠤᠮᠳᠠ ᠭᠦᠩ ᠤᠨ ᠬᠤᠰᠢᠭᠤᠨ ᠤ | ᠬᠤᠰᠢᠭᠤᠨ ᠰᠦᠮ᠎ᠡ ᠪᠠᠶᠢᠵᠠᠶ᠂ ᠴᠢᠩ ᠤᠯᠤᠰ ᠤᠨ ᠦᠶ᠎ᠡ ᠳᠤ᠂ ᠤᠷᠠᠳ ᠠᠶᠢᠮᠠᠭ ᠭᠤᠷᠪᠠᠨ ᠭᠦᠩ ᠤᠨ ᠬᠤᠰᠢᠭᠤ | ᠪᠤᠯᠵᠤ ᠬᠤᠪᠢᠶᠠᠭᠳᠠᠪᠠ᠂ ᠣᠳᠣ ᠶᠢᠨ ᠬᠥᠨᠳᠡᠯᠡᠨ ᠲᠣᠭᠤᠷᠢᠭ ᠪᠣᠯ ᠤᠤᠯ ᠤᠨ ᠤᠷᠠᠳ ᠤᠨ ᠲᠤᠮᠳᠠ ᠭᠦᠩ ᠤᠨ | ᠬᠤᠰᠢᠭᠤᠨ ᠤ ᠮᠠᠯ ᠤᠨ ᠪᠡᠯᠴᠢᠬᠡᠷ ᠤᠨ ᠭᠠᠵᠠᠷ ᠪᠠᠶᠢᠵᠠᠢ᠂ ᠲᠡᠷᠡ ᠦᠶ᠎ᠡ ᠳᠤ᠂ ᠮᠣᠩᠭᠤᠯ ᠤᠨ ᠡᠯ᠎ᠡ ᠠᠶᠢᠮᠠᠭ ᠲᠤ | ᠰᠢᠷ᠎ᠠ ᠶᠢᠨ ᠱᠠᠰᠢᠨ ᠳᠡᠯᠭᠡᠷᠡᠪᠡ᠂ ᠳᠠᠷᠤᠶ ᠬᠡᠯᠦᠩ ᠤᠨ ᠪᠦᠯᠦᠭ ᠤᠨ ᠲᠥᠪᠡᠳ ᠤᠨ ᠪᠤᠳ᠋ᠳ᠋ᠾᠠ ᠶᠢᠨ ᠱᠠᠰᠢᠨ᠂ ᠪᠠᠰᠠ | ᠯᠠᠮᠠ ᠶᠢᠨ ᠱᠠᠰᠢᠨ ᠭᠡᠳᠡᠭ᠂ ᠴᠢᠩ ᠤᠯᠤᠰ ᠤᠨ ᠨᠠᠶᠢᠷᠠᠯᠲᠤ ᠲᠥᠪ ᠤᠨ ᠦᠶ᠎ᠡ ᠳᠤ᠂ ᠬᠥᠬᠡᠨᠠᠭᠤᠷ ᠤᠨ ᠬᠦᠮᠪᠦᠮ | ᠬᠡᠶᠢᠳ ᠠᠴᠠ ᠠᠳᠡ ᠲᠡᠨᠤᠵᠤ ᠢᠷᠡᠭᠰᠡᠨ ᠬᠤᠸᠠᠷᠠᠭ ᠵᠠᠮᠰᠠᠩᠰᠠᠩᠪᠤ ᠪᠣᠯᠤᠨ ᠲᠡᠭᠦᠨ ᠲᠠᠢ ᠬᠠᠮᠳᠤ ᠶᠠᠪᠤᠬᠰᠠᠳ᠂ | ᠠᠳᠡ ᠵᠢᠵᠢᠭ ᠯᠠᠮᠠ ᠶᠢᠨ ᠰᠦᠮ᠎ᠡ ᠶᠢ ᠪᠠᠶᠢᠭᠤᠯᠪᠠ᠂ ᠢᠩᠬᠢᠬᠡᠳ᠂ ᠡᠨᠡᠬᠦ ᠳᠣᠮᠣᠭᠲᠤ ᠬᠤᠸᠠᠷᠠᠭ ᠬᠥᠨᠳᠡᠯᠡᠨ | ᠭᠤᠤᠯ ᠤᠨ ᠬᠥᠪᠡᠭᠡᠨ ᠳᠤ ᠨᠤᠳᠤᠬᠰᠢᠵᠤ᠂ ᠬᠥᠨᠳᠡᠯᠡᠨ ᠰᠦᠮ᠎ᠡ ᠶᠢ ᠪᠠᠶᠢᠭᠤᠯᠤᠬᠰᠠᠨ ᠪᠦᠭᠡᠳ ᠠᠳᠡᠬᠢ ᠨᠢᠭᠡᠳᠦᠭᠡᠷ | ᠦᠶ᠎ᠡ ᠶᠢᠨ ᠭᠡᠭᠡᠨ ᠪᠣᠯᠵᠠᠶ᠃ 12 ᠵᠢᠯ ᠤᠨ ᠬᠠᠲᠠᠭᠤᠵᠢᠯᠲᠠᠶ ᠪᠢᠰᠢᠯᠭᠠᠯ ᠰᠤᠷᠤᠯᠴᠠᠯᠭ᠎ᠠ ᠪᠠᠷ ᠳᠠᠮᠵᠢᠨ᠂ | ᠵᠠᠮᠰᠠᠩᠰᠠᠩᠪᠤ ᠨᠢᠭᠡᠨᠲᠡ ᠤᠷᠠᠳ ᠤᠨ ᠳᠤᠮᠳᠠᠳᠤ ᠬᠤᠰᠢᠭᠤ ᠳᠤ ᠠᠯᠳᠠᠷᠰᠢᠭᠰᠠᠨ ᠨᠡᠷᠡᠳᠤ ᠬᠥᠮᠦᠨ ᠪᠣᠯᠵᠠᠶ᠂ | ᠲᠡᠭᠦᠨ ᠤ ᠲᠠᠭᠠᠭᠤᠯᠭ᠎ᠠ ᠳᠣᠣᠷ᠎ᠠ᠂ ᠵᠢᠵᠢᠭ ᠯᠠᠮᠠ ᠶᠢᠨ ᠰᠦᠮ᠎ᠡ ᠶᠢᠨ ᠬᠠᠪᠢ ᠳᠤ ᠨᠢᠭᠡᠨ ᠰᠢᠨ᠎ᠡ ᠪᠤᠷᠬᠠᠨ ᠤ | ᠰᠦᠮ᠎ᠡ ᠶᠢ ᠪᠠᠶᠢᠭᠤᠯᠵᠤ᠂ ᠲᠩᠷᠢ ᠲᠡᠳᠬᠦᠭᠴᠢ ᠬᠠᠭᠠᠨ ᠠᠴᠠ ᠹᠡ ᠰᠢ ᠰᠾᠢ ᠰᠦᠮ᠎ᠡ ᠬᠡᠮᠡᠨ ᠨᠡᠷ᠎ᠡ ᠬᠠᠶᠢᠷᠠᠯᠠᠵᠤ᠂ | ᠵᠠᠮᠰᠠᠩᠰᠠᠩᠪᠤ ᠴᠤ ᠲᠤᠶᠢᠯ ᠢᠶᠠᠷ ᠬᠦᠨᠳᠦᠳᠬᠡᠭᠳᠡᠵᠤ ᠠᠳᠡᠬᠢ ᠨᠢᠬᠡᠳᠦᠬᠡᠷ ᠦᠶ᠎ᠡ ᠶᠢᠨ ᠬᠡᠬᠡᠨ ᠪᠣᠯᠵᠤ᠂ ᠬᠥᠨᠳᠡᠯᠡᠨ | ᠰᠦᠮ᠎ᠡ ᠴᠤ ᠤᠷᠠᠳ ᠤᠨ ᠲᠤᠮᠳᠠ ᠭᠦᠩ ᠤᠨ ᠬᠤᠰᠢᠭᠤᠨ ᠤ ᠬᠤᠰᠢᠭᠤᠨ ᠰᠦᠮ᠎ᠡ ᠪᠣᠯᠵᠤ᠂ ᠬᠤᠰᠢᠭᠤᠨ ᠤ | ᠳᠣᠲᠣᠷᠠᠬᠢ 33 ᠵᠢᠵᠢᠭ ᠰᠦᠮ᠎ᠡ ᠶᠢ ᠬᠠᠮᠢᠶᠠᠷᠬᠤ ᠡᠷᠬᠡ ᠲᠠᠢ ᠪᠣᠯᠵᠠᠶ᠃ | ᠡᠭᠦᠨ ᠠᠴᠠ ᠬᠤᠶᠢᠰᠢ᠂ ᠬᠥᠨᠳᠡᠯᠡᠨ ᠰᠦᠮ᠎ᠡ ᠲᠠᠰᠤᠷᠠᠯᠲᠠ ᠦᠬᠡᠢ ᠥᠷᠭᠡᠵᠢᠵᠦ᠂ ᠡᠵᠡᠯᠡᠬᠦ ᠲᠠᠯᠠᠪᠠᠢ ᠨᠢ | 1161 ᠲᠡᠭᠰᠢ ᠲᠦᠷᠪᠡᠯᠵᠢᠨ ᠮᠧᠲᠷ ᠪᠤᠯᠵᠤ᠂ 28 ᠳᠤᠭᠠᠩ ᠤᠨ ᠠᠰᠠᠷ᠂ ᠯᠠᠮᠠ ᠶᠢᠨ ᠰᠠᠭᠤᠬᠤ ᠭᠡᠷ 60 ᠭᠠᠷᠤᠢ | ᠪᠤᠯᠵᠤ᠂ 3 ᠰᠠᠭᠤᠷᠢ ᠪᠤᠷᠬᠠᠨ ᠲᠠᠬᠢᠬᠤ ᠰᠤᠪᠤᠷᠭ᠎ᠠ ᠲᠠᠢ ᠪᠣᠯᠤᠭᠰᠠᠨ ᠪᠠᠶᠢᠨ᠎ᠠ᠃ ᠬᠠᠮᠤᠭ ᠤᠨ ᠬᠦᠭᠵᠢᠨ | ᠪᠠᠳᠠᠷᠠᠬᠰᠠᠨ ᠦᠶ᠎ᠡ ᠳᠤ᠂ ᠠᠳᠡᠬᠢ ᠪᠠᠶᠢᠩᠭᠤ ᠰᠠᠭᠤᠳᠠᠭ ᠯᠠᠮᠠ ᠬᠤᠸᠠᠷᠠᠭ 1500 ᠭᠠᠷᠤᠶ ᠪᠠᠶᠢᠪᠠ᠃ ᠡᠭᠦᠨ ᠤ | ᠬᠠᠮᠲᠤ᠂ ᠰᠦᠮ᠎ᠡ ᠶᠢᠨ ᠳᠣᠲᠣᠷᠠᠬᠢ ᠯᠠᠮᠠ ᠨᠠᠷ ᠤᠨ ᠬᠤᠭᠤᠯᠠ ᠢᠳᠡᠬᠦ ᠠᠰᠠᠭᠤᠳᠠᠯ ᠢ ᠰᠢᠶᠳᠪᠦᠷᠢᠯᠡᠬᠦ ᠶᠢᠨ ᠲᠥᠯᠥᠭᠡ | ᠂ ᠲᠤᠮᠳᠠ ᠭᠦᠩ ᠤᠨ ᠬᠤᠰᠢᠭᠤ ᠬᠥᠨᠳᠡᠯᠡᠨ ᠰᠦᠮ᠎ᠡ ᠳᠤ ᠮᠤᠨᠳᠠᠭ ᠶᠡᠭᠡ ᠠᠮᠤ ᠪᠤᠳᠠᠭ᠎ᠠ ᠲᠠᠷᠢᠬᠤ ᠲᠠᠷᠢᠶᠠᠨ ᠭᠠᠵᠠᠷ | ᠢ ᠵᠢᠷᠤᠵᠤ ᠬᠤᠪᠢᠶᠠᠨ ᠦᠭᠴᠡᠢ᠂ ᠵᠡᠭᠦᠨ ᠵᠠᠬ᠎ᠠ ᠨᠢ ᠥᠨᠥᠳᠦᠷ ᠤᠨ ᠴᠢᠩᠱᠠᠨ ᠲᠣᠭᠤᠷᠢᠭ ᠤᠨ ᠰᠢᠨ᠎ᠡ ᠬᠤᠳᠠ | ᠰᠢᠶᠡᠩ ᠶᠢᠨ ᠬᠦᠨ ᠬᠤᠳᠳᠤᠭ ᠣᠷᠴᠢᠮ᠂ ᠡᠮᠦᠨ᠎ᠡ ᠵᠠᠬ᠎ᠠ ᠨᠢ ᠪᠤᠭᠤᠲᠤ ᠶᠢᠨ ᠭᠠᠯᠳᠤ ᠲᠡᠷᠬᠡᠨ ᠤ ᠪᠠᠷᠠᠭᠤᠨ | ᠦᠷᠳᠡᠭᠡ ᠶᠢᠨ ᠪᠠᠷᠠᠭᠤᠨ ᠬᠤᠶᠢᠲᠤ ᠲᠠᠯ᠎ᠠ᠂ ᠪᠠᠷᠠᠭᠤᠨ ᠵᠠᠬ᠎ᠠ ᠨᠢ ᠪᠤᠷᠬᠠᠨᠲᠤ ᠪᠠᠯᠭᠠᠰᠤ ᠶᠢᠨ ᠡᠮᠦᠨ᠎ᠡ ᠲᠠᠯ᠎ᠠ ᠶᠢᠨ | ᠪᠠᠶᠢᠯᠳᠤᠭᠠᠨᠲᠤ ᠤᠯᠤᠰ ᠤᠨ ᠵᠣᠣ ᠤᠯᠤᠰ ᠤᠨ ᠦᠶ᠎ᠡ ᠶᠢᠨ ᠤᠷᠳᠤ ᠴᠠᠭᠠᠨ ᠬᠡᠷᠡᠮ ᠤᠨ ᠪᠠᠭᠤᠷᠢ᠂ ᠬᠤᠶᠢᠲᠤ | ᠵᠠᠬ᠎ᠠ ᠨᠢ ᠬᠥᠨᠳᠡᠯᠡᠨ ᠤᠰᠤᠨ ᠴᠥᠭᠦᠷᠥᠮ ᠤᠨ ᠬᠤᠶᠢᠲᠤ ᠲᠠᠯ᠎ᠠ ᠪᠠ ᠱᠠᠩ ᠸᠠᠨ ᠤ ᠣᠷᠴᠢᠮ ᠪᠠᠶᠢᠵᠤ᠂ | ᠤᠤᠯ ᠳᠠᠭᠠᠨ ᠳᠥᠷᠪᠡᠨ ᠵᠦᠭ ᠨᠠᠢᠮᠠᠨ ᠵᠣᠪᠬᠢᠰ ᠲᠤ ᠴᠦᠮ ᠲᠠᠷᠢᠶᠠᠨ ᠭᠠᠵᠠᠷ ᠤᠨ ᠵᠠᠬ᠎ᠠ ᠬᠢᠵᠠᠭᠠᠷ ᠢ ᠢᠯᠭᠠᠨ | ᠵᠢᠭᠠᠬᠰᠠᠨ ᠲᠡᠮᠳᠡᠭ ᠬᠥᠰᠢᠶ᠎ᠡ ᠪᠣᠰᠬᠠᠵᠤ ᠪᠠᠶᠢᠵᠠᠶ᠂ ᠣᠳᠣ ᠪᠠᠶᠠᠨᠨᠠᠭᠤᠷ ᠬᠤᠲᠠ ᠶᠢᠨ ᠬᠢᠵᠠᠭᠠᠷ ᠳᠣᠲᠣᠷ᠎ᠠ ᠪᠠᠰᠠ | ᠲᠤᠬᠠᠶ ᠶᠢᠨ ᠵᠢᠯ ᠤᠨ ᠪᠠᠷᠠᠭᠤᠨ ᠬᠤᠶᠢᠲᠤ ᠶᠢᠨ ᠵᠠᠬ᠎ᠠ ᠶᠢ ᠢᠯᠭᠠᠨ ᠲᠡᠮᠳᠡᠭᠯᠡᠭᠰᠡᠨ ᠬᠥᠰᠢᠶ᠎ᠡ ᠴᠢᠯᠠᠭᠤ ᠬᠠᠷᠠᠬᠳᠠᠨ᠎ᠠ᠃ | | ᠤᠷᠳᠤ ᠤᠳᠠᠭᠠᠨ ᠣᠨ ᠰᠠᠷ᠎ᠠ ᠶᠢᠨ ᠳᠠᠪᠲᠠᠯᠲᠠ ᠶᠢ ᠥᠩᠭᠡᠷᠡᠭᠡᠭᠡᠳ᠂ ᠥᠨᠥᠳᠦᠷ ᠤᠨ ᠬᠥᠨᠳᠡᠯᠡᠨ ᠰᠦᠮ᠎ᠡ ᠳᠤ | ᠴᠢᠩ ᠤᠯᠤᠰ ᠤᠨ ᠦᠶ᠎ᠡ ᠶᠢᠨ 9 ᠪᠠᠷᠢᠯᠭ᠎ᠠ ᠵᠢᠴᠢ ᠬᠡᠰᠡᠭ ᠬᠤᠪᠣᠷ ᠨᠠᠨᠳᠢᠨ ᠬᠠᠨ᠎ᠠ ᠶᠢᠨ ᠵᠢᠷᠤᠭ ᠬᠠᠳᠠᠭᠠᠯᠠᠭᠳᠠᠵᠤ | ᠦᠯᠡᠳᠡᠪᠡ᠂ ᠡᠳᠡᠬᠡᠷ ᠨᠢ ᠭᠤᠷᠪᠠᠨ ᠵᠠᠭᠤᠨ ᠵᠢᠯ ᠤᠨ ᠲᠡᠦᠬᠡ ᠶᠢ ᠬᠠᠮᠲᠤ ᠪᠠᠷ ᠭᠡᠷᠡᠴᠢᠯᠡᠵᠤ ᠪᠤᠢ᠃ ᠣᠨ ᠵᠢᠯ ᠤᠨ | ᠰᠠᠯᠬᠢ ᠪᠤᠷᠤᠭᠠᠨ ᠢ ᠲᠤᠭᠤᠯᠤᠬᠰᠠᠨ ᠴᠢᠩ ᠤᠯᠤᠰ ᠤᠨ ᠦᠶ᠎ᠡ ᠶᠢᠨ ᠡᠨᠡ ᠶᠢᠰᠦᠨ ᠰᠠᠭᠤᠷᠢ ᠪᠠᠷᠢᠯᠭ᠎ᠠ ᠨᠢ | ᠲᠡᠦᠬᠡ ᠶᠢᠨ ᠬᠥᠭᠵᠢᠯᠲᠡ ᠶᠢᠨ ᠭᠡᠷᠡᠴᠢᠯᠡᠯ ᠪᠣᠯᠤᠭᠰᠠᠨ ᠪᠥᠭᠡᠳ ᠨᠠᠩ ᠴᠤ ᠤᠯᠳᠠᠬᠤᠶ᠎ᠠ ᠪᠡᠷᠭᠡ ᠨᠢ ᠬᠥᠨᠳᠡᠯᠡᠨ | ᠰᠦᠮ᠎ᠡ ᠶᠢᠨ ᠭᠤᠤᠯ ᠬᠠᠷᠰᠢ ᠳᠤ ᠴᠢᠩ ᠤᠯᠤᠰ ᠤᠨ ᠦᠶ᠎ᠡ ᠠᠴᠠ ᠤᠯᠠᠮᠵᠢᠯᠠᠭᠳᠠᠨ ᠢᠷᠡᠭᠰᠡᠨ ᠬᠤᠪᠣᠷ ᠨᠠᠨᠳᠢᠨ | ᠬᠠᠨᠠᠨ ᠵᠢᠷᠤᠭ ᠬᠠᠳᠠᠭᠠᠯᠠᠬᠳᠠᠵᠤ ᠪᠤᠢ᠃ ᠡᠳᠡᠬᠡᠷ ᠬᠤᠪᠤᠷ ᠨᠠᠨᠳᠢᠨ ᠬᠠᠨᠠᠨ ᠵᠢᠷᠤᠭ ᠨᠢ ᠣᠨ ᠵᠢᠯ ᠤᠨ ᠬᠦᠴᠦᠨ ᠢ | ᠢᠯᠡᠷᠡᠭᠦᠯᠵᠦ ᠪᠠᠶᠢᠨ᠎ᠠ᠂ ᠴᠢᠩ ᠤᠯᠤᠰ ᠤᠨ ᠰᠡᠭᠦᠯᠴᠢ ᠶᠢᠨ ᠦᠶ᠎ᠡ ᠠᠴᠠ ᠡᠬᠢᠯᠡᠭᠡᠳ᠂ ᠬᠥᠨᠳᠡᠯᠡᠨ ᠰᠦᠮ᠎ᠡ | ᠦᠩᠬᠡᠷᠡᠭᠰᠡᠨ ᠤ ᠦᠩᠭᠡ ᠭᠡᠷᠡᠯ ᠢᠶᠠᠨ ᠠᠯᠳᠠᠵᠠᠶ᠂ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠤ ᠦᠶ᠎ᠡ ᠳᠤ᠂ | ᠪᠤᠷᠬᠠᠨ ᠤ ᠰᠦᠮ᠎ᠡ ᠨᠢ ᠬᠦᠨᠳᠦ ᠨᠣᠴᠢᠲᠠᠶ ᠡᠪᠳᠡᠯᠡᠭᠡ ᠳᠤ ᠤᠴᠠᠷᠠᠵᠠᠶ᠂ ᠲᠡᠬᠦᠨ ᠠᠴᠠ ᠰᠡᠬᠦᠯᠡᠷᠬᠢ ᠬᠡᠳᠦᠨ ᠠᠷᠪᠠᠨ | ᠵᠢᠯ ᠳᠤ ᠬᠡᠳᠦ᠋ᠢᠪᠡᠷ ᠵᠠᠰᠠᠵᠤ ᠰᠡᠯᠪᠢᠭᠰᠡᠨ ᠪᠣᠯᠪᠠᠴᠤ᠂ ᠣᠳᠣ ᠪᠣᠯᠲᠠᠯ᠎ᠠ ᠤᠤᠯ ᠤᠨ ᠴᠤᠭ ᠰᠦᠯᠳᠡ ᠶᠢ ᠨᠢ | ᠰᠡᠷᠬᠦᠬᠡᠵᠤ ᠳᠡᠶᠢᠯᠦᠭᠰᠡᠨ ᠥᠬᠡᠶ᠂ ᠥᠭᠡᠷᠡᠴᠢᠯᠡᠯᠲᠡ ᠨᠡᠬᠡᠬᠡᠯᠳᠡ ᠬᠢᠭᠰᠡᠨ ᠠᠴᠠ ᠰᠡᠭᠦᠯᠡᠷ᠂ ᠬᠥᠨᠳᠡᠯᠡᠨ ᠰᠦᠮ᠎ᠡ ᠶᠢᠨ | ᠲᠤᠭᠤᠷᠢᠨ ᠳᠤ ᠮᠠᠰᠢ ᠣᠯᠠᠨ ᠰᠠᠭᠤᠭᠠᠯᠢ ᠠᠷᠠᠳ ᠤᠨ ᠣᠷᠣᠨ ᠰᠠᠭᠤᠴᠠ᠂ ᠠᠵᠤ ᠦᠶᠯᠡᠳᠪᠦᠷᠢ ᠶᠢᠨ ᠠᠵᠤ | ᠠᠬᠤᠶᠢᠯᠠᠯ ᠪᠠᠶᠢᠭᠤᠯᠤᠬᠳᠠᠵᠤ᠂ ᠡᠨᠡᠬᠦ ᠡᠷᠲᠡᠨ ᠤ ᠰᠦᠮ᠎ᠡ ᠨᠢ ᠬᠥᠨᠳᠡᠯᠡᠨ ᠲᠣᠭᠤᠷᠢᠭ ᠤᠨ ᠪᠠᠷᠠᠭᠤᠨ ᠬᠤᠶᠢᠲᠤ | ᠥᠨᠴᠥᠭ ᠲᠤ ︽ᠪᠢᠲᠡᠭᠦᠮᠵᠢᠯᠡᠵᠡᠶ︾᠃ ᠬᠥᠨᠳᠡᠯᠡᠨ ᠰᠦᠮ᠎ᠡ ᠪᠣᠯ ᠲᠥᠪᠡᠳ ᠤᠨ ᠬᠡᠯᠦᠩ ᠤᠨ ᠱᠠᠰᠢᠨ ᠢ | ᠤᠯᠠᠮᠵᠢᠯᠠᠳᠠᠭ ᠰᠦᠮ᠎ᠡ ᠬᠡᠶᠢᠳ ᠪᠣᠯᠤᠨ᠎ᠠ᠂ ᠯᠠᠮᠠ ᠬᠤᠸᠠᠷᠠᠭ ᠨᠢ ᠮᠣᠩᠭᠤᠯ ᠯᠠᠮᠠ ᠨᠠᠷ ᠢᠶᠠᠷ ᠭᠤᠤᠯᠯᠠᠳᠠᠭ᠃ | ᠬᠥᠨᠳᠡᠯᠡᠨ ᠰᠦᠮ᠎ᠡ ᠶᠢᠨ ᠯᠠᠮᠠ ᠵᠢᠮᠪᠠᠳᠣᠷᠵᠢ 1846 ᠣᠨ ᠠᠴᠠ 1849 ᠣᠨ ᠳᠤ ︽ᠪᠣᠯᠣᠷ ᠲᠣᠯᠢ︾ ᠭᠡᠳᠡᠭ | ᠨᠣᠮ ᠢ ᠪᠢᠴᠢᠵᠡᠢ᠃ ᠲᠤᠰ ᠨᠣᠮ ᠢ ᠬᠤᠷᠢᠳᠤᠭᠠᠷ ᠵᠠᠭᠤᠨ ᠤ ᠡᠬᠢ ᠪᠠᠷ ᠤᠯᠤᠰ ᠤᠨ ᠳᠣᠲᠣᠭᠠᠳᠤ ᠭᠠᠳᠠᠭᠠᠳᠤ ᠶᠢᠨ | ᠡᠷᠳᠡᠮᠲᠡᠳ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠦ᠂ 1984 ᠣᠨ ᠤ 5 ᠰᠠᠷ᠎ᠠ ᠳᠤ ᠠᠷᠠᠳ ᠤᠨ ᠬᠡᠪᠯᠡᠯ ᠤᠨ | ᠬᠤᠷᠢᠶ᠎ᠡ ᠠᠴᠠ ᠬᠡᠪᠯᠡᠭᠦᠯᠦᠨ ᠲᠠᠷᠬᠠᠭᠠᠪᠠ᠃ | 2017 ᠣᠨ ᠳᠤ ᠬᠦᠳᠡᠯᠡᠨ ᠲᠤᠭᠤᠷᠢᠭ ᠠᠴᠠ ᠬᠥᠨᠳᠡᠯᠡᠨ ᠰᠦᠮ᠎ᠡ ᠶᠢᠨ ᠦᠵᠡᠮᠵᠢ ᠶᠢᠨ ᠣᠷᠣᠨ ᠤ ᠰᠠᠭᠤᠷᠢ | ᠲᠥᠬᠦᠭᠡᠷᠦᠮᠵᠢ ᠶᠢ ᠥᠭᠡᠷᠡᠴᠢᠯᠡᠨ ᠰᠢᠨᠡᠳᠬᠡᠵᠤ ᠪᠠᠶᠢᠭᠤᠯᠪᠠ᠂ ᠡᠭᠦᠨ ᠳᠤ ᠲᠥᠪᠡᠳ ᠮᠣᠩᠭᠤᠯ ᠤᠨ ᠬᠡᠪ ᠨᠠᠮᠪᠠ ᠶᠢ | ᠤᠶᠠᠯᠳᠤᠭᠤᠯᠤᠭᠰᠠᠨ ᠰᠦᠮ᠎ᠡ ᠶᠢᠨ ᠬᠠᠭᠠᠯᠭ᠎ᠠ ᠪᠣᠯᠤᠨ ᠭᠠᠯ ᠤᠨᠲᠠᠷᠠᠭᠠᠬᠤ ᠡᠭᠦᠳᠡ᠂ ᠦᠵᠡᠮᠵᠢ ᠶᠢᠨ ᠣᠷᠣᠨ ᠤ | ᠳᠣᠲᠣᠷᠠᠬᠢ ᠵᠠᠮ᠂ ᠰᠦᠮ᠎ᠡ ᠶᠢᠨ ᠠᠭᠤᠳᠠᠮ ᠲᠠᠯᠠᠪᠠᠶ ᠵᠢᠴᠢ ᠨᠣᠭᠤᠭᠠᠷᠠᠭᠤᠯᠤᠯᠲᠠ ᠶᠢᠨ ᠢᠨᠵᠧᠨᠧᠷᠢᠩ᠂ | ᠭᠡᠷᠡᠯᠲᠦᠭᠦᠯᠭᠡ ᠶᠢᠨ ᠢᠨᠵᠧᠨᠧᠷᠢᠩ ᠢ ᠬᠤᠶᠢᠨ᠎ᠠ ᠬᠤᠶᠢᠨ᠎ᠠ ᠠᠴᠠ ᠨᠢ ᠪᠡᠶᠡᠯᠡᠭᠦᠯᠪᠡ᠃ | 2019 ᠣᠨ ᠳᠤ᠂ ᠬᠥᠨᠳᠡᠯᠡᠨ ᠰᠦᠮ᠎ᠡ ᠨᠠᠢᠮᠠᠳᠤᠭᠠᠷ ᠪᠦᠯᠦᠭ ᠤᠨ ᠪᠦᠬᠦ ᠤᠯᠤᠰ ᠤᠨ ᠭᠤᠣᠯᠳᠠᠯᠭ᠎ᠠ ᠲᠠᠢ | ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ ᠪᠠᠷ ᠨᠡᠷᠡᠶᠢᠳᠦᠭᠳᠡᠪᠡ᠃ ᠬᠦᠨᠳᠡᠯᠡᠨ ᠰᠦᠮ᠎ᠡ | ᠶᠢᠨ ᠣᠶᠢᠷ᠎ᠠ ᠬᠠᠪᠢ ᠪᠠᠷ ᠰᠠᠭᠤᠷᠢᠰᠢᠵᠤ ᠪᠠᠶᠢᠭ᠎ᠠ ᠮᠠᠯᠴᠢᠳ ᠬᠥᠨᠳᠡᠯᠡᠨ ᠰᠦᠮ᠎ᠡ ᠶᠢᠨ ᠨᠡᠩ ᠰᠦᠷᠯᠢᠭ ᠶᠡᠬᠡᠮᠰᠦᠭ | ᠪᠤᠯᠵᠤ ᠣᠶᠢᠷ᠎ᠠ ᠬᠠᠪᠢ ᠶᠢᠨ ᠣᠷᠴᠢᠨ ᠲᠣᠭᠤᠷᠢᠨ ᠨᠢ ᠲᠡᠳᠡ ᠨᠠᠷ ᠤᠨ ᠠᠮᠢᠳᠤᠷᠠᠯ ᠢ ᠤᠯᠠᠮ ᠰᠠᠶᠢᠨ ᠰᠠᠶᠢᠬᠠᠨ | ᠪᠣᠯᠭᠠᠭᠰᠠᠨ ᠬᠤᠪᠢᠷᠠᠯᠲᠠ ᠶᠢ ᠨᠢᠳᠤ ᠪᠠᠷ ᠢᠶᠠᠨ ᠬᠠᠷᠠᠵᠤ ᠪᠡᠶ᠎ᠡ ᠪᠠᠷ ᠢᠶᠠᠨ ᠮᠡᠳᠡᠷᠡᠵᠤ ᠢᠷᠡᠵᠡᠢ᠃ | 2 . ᠲᠤᠭᠤᠷ ᠤᠨ ᠲᠣᠬᠤᠶ ᠶᠢᠨ ᠪᠠᠭᠤᠷᠢ | ᠲᠤᠭᠤᠷ ᠤᠨ ᠲᠤᠬᠤᠢ ᠶᠢᠨ ᠪᠠᠭᠤᠷᠢ ᠨᠢ ᠬᠥᠨᠳᠡᠯᠡᠨ ᠲᠣᠭᠤᠷᠢᠭ ᠤᠨ ᠺᠦᠨ ᠪᠸᠢ ᠬᠡᠷᠡᠭ ᠡᠷᠬᠢᠯᠡᠬᠦ ᠭᠠᠵᠠᠷ ᠤᠨ | ᠬᠡᠷᠡᠮ ᠲᠣᠰᠬᠤᠨ ᠤ ᠬᠤᠶᠢᠲᠤ ᠲᠤᠭᠤᠷ ᠤᠨ ᠲᠤᠬᠤᠢ ᠪᠠᠶᠢᠭᠠᠯᠢ ᠲᠣᠰᠬᠤᠨ ︵ᠳᠥᠷᠪᠡᠳᠦᠭᠡᠷ ᠦᠢᠯᠡᠳᠪᠦᠷᠢᠯᠡᠯ ᠤᠨ | ᠪᠠᠷᠢᠭᠠᠳᠠ︶ ᠤ ᠵᠡᠭᠦᠨ ᠲᠠᠯ᠎ᠠ᠂ ᠬᠥᠨᠳᠡᠯᠡᠨ ᠭᠤᠤ ᠶᠢᠨ ᠪᠠᠷᠠᠭᠤᠨ ᠡᠮᠦᠨ᠎ᠡ ᠲᠠᠯ᠎ᠠ ᠳᠤ ᠪᠠᠶᠢᠷᠢᠯᠠᠵᠤ ᠪᠤᠢ᠃ | ᠪᠠᠭᠤᠷᠢ ᠨᠢ ᠭᠤᠷᠪᠠᠨ ᠲᠠᠯ᠎ᠠ ᠪᠠᠷ ᠢᠶᠠᠨ ᠥᠨᠳᠥᠷ᠂ ᠳᠤᠮᠳᠠ ᠪᠠᠨ ᠳᠣᠣᠷ᠎ᠠ ᠰᠢᠭ᠋ ᠬᠤᠲᠣᠭᠤᠷ ᠭᠠᠵᠠᠷ ᠲᠤ | ᠣᠷᠣᠰᠢᠵᠤ᠂ ᠬᠠᠪᠲᠠᠭᠠᠶ ᠵᠢᠷᠤᠭ ᠲᠡᠭᠡᠷ᠎ᠡ ᠪᠠᠨ ᠤᠷᠲᠤ ᠳᠥᠷᠪᠡᠯᠵᠢᠨ ᠬᠡᠯᠪᠡᠷᠢᠲᠡᠶ᠂ ᠵᠡᠭᠦᠨᠰᠢ ᠪᠠᠷᠠᠭᠤᠨᠰᠢ ᠪᠠᠨ | 185 ᠮᠧᠲᠷ ᠤᠷᠲᠤ᠂ ᠡᠮᠦᠨᠡᠰᠢ ᠤᠮᠠᠷᠠᠰᠢ ᠪᠠᠨ 136 ᠮᠧᠲᠷ ᠥᠷᠭᠡᠨ᠂ ᠶᠡᠷᠦᠩᠬᠡᠢ ᠲᠠᠯᠠᠪᠠᠶ ᠨᠢ 25083 | ᠲᠡᠭᠰᠢ ᠳᠥᠷᠪᠡᠯᠵᠢᠨ ᠮᠧᠲᠷ᠃ ᠪᠠᠭᠤᠷᠢ ᠶᠢᠨ ᠳᠣᠲᠣᠷ᠎ᠠ ᠪᠠᠷᠢᠯᠭ᠎ᠠ ᠶᠢᠨ ᠰᠠᠭᠤᠷᠢ ᠬᠤᠶᠠᠷ ᠭᠠᠵᠠᠷ ᠪᠠᠶᠢᠵᠤ᠂ ᠲᠤᠰ | ᠲᠤᠰ ᠪᠠᠭᠤᠷᠢ ᠶᠢᠨ ᠵᠡᠭᠦᠨ ᠪᠠ ᠡᠮᠦᠨ᠎ᠡ ᠲᠠᠯ᠎ᠠ ᠳᠤ ᠪᠤᠢ᠃ ᠪᠠᠭᠤᠷᠢ ᠶᠢᠨ ᠪᠠᠷᠠᠭᠤᠨ ᠬᠤᠶᠢᠲᠤ ᠶᠢᠨ ᠵᠢᠵᠢᠭ | ᠠᠭᠤᠯᠠᠨ ᠣᠷᠣᠶ ᠳᠡᠭᠡᠷ᠎ᠡ ᠨᠢ ᠨᠢᠭᠡ ᠪᠦᠮᠪᠦᠬᠡᠯᠢᠭ ᠬᠡᠯᠪᠡᠷᠢ ᠲᠠᠢ ᠴᠢᠯᠠᠭᠤ ᠪᠠᠶᠢᠵᠤ᠂ ᠳ᠋ᠢᠶᠠᠮᠧᠲᠷ ᠨᠢ 10 ᠮᠧᠲᠷ᠂ | ᠴᠢᠯᠠᠭᠤ ᠪᠠᠷ ᠪᠠᠷᠢᠬᠰᠠᠨ ᠬᠡᠷᠡᠮ ᠤᠨ ᠥᠷᠭᠡᠨ ᠨᠢ 2 ᠮᠧᠲᠷ ᠪᠣᠯᠤᠨ᠎ᠠ᠃ ᠭᠠᠵᠠᠷ ᠤᠨ ᠭᠠᠳᠠᠷᠭᠤ ᠶᠢ ᠨᠠᠷᠢᠨ | ᠳᠡᠭᠡᠰᠦᠨ ᠬᠡ ᠲᠠᠢ᠂ ᠲᠠᠰᠤᠷᠬᠠᠢ ᠳᠡᠭᠡᠰᠦᠨ ᠬᠡ ᠲᠠᠢ ᠦᠨᠡᠰᠦᠨ ᠦᠩᠭᠡ ᠲᠠᠢ ᠸᠠᠭᠠᠷ ᠲᠤᠭᠤᠰᠬ᠎ᠠ ᠪᠠᠷ ᠲᠠᠪᠢᠰᠴᠠᠢ᠃ | ᠪᠠᠭᠤᠷᠢ ᠠᠴᠠ ᠴᠤᠬᠯᠠᠭᠤᠯᠤᠬᠰᠠᠨ ᠬᠠᠭᠤᠴᠢ ᠡᠳ᠋ ᠬᠡᠷᠡᠭᠰᠡᠯ ᠢ ᠦᠨᠳᠦᠰᠦᠯᠡᠵᠤ ᠪᠠᠭᠤᠷᠢ ᠶᠢᠨ ᠪᠤᠢ ᠪᠤᠯᠤᠬᠰᠠᠨ | ᠴᠠᠭ ᠢ ᠮᠠᠭᠠᠳᠯᠠᠪᠠᠯ᠂ ᠲᠤᠰ ᠪᠠᠭᠤᠷᠢ ᠪᠣᠯ ᠪᠠᠶᠢᠯᠳᠤᠭᠠᠨᠲᠤ ᠤᠯᠤᠰ ᠠᠴᠠ ᠬᠠᠨ ᠤᠯᠤᠰ ᠬᠦᠷᠲᠡᠯᠡᠬᠢ ᠦᠶ᠎ᠡ ᠶᠢᠨ | ᠨᠢᠬᠡᠨ ᠴᠡᠷᠢᠭ ᠤᠨ ᠶᠠᠪᠤᠳᠠᠯ ᠤᠨ ᠰᠡᠷᠭᠡᠶᠢᠯᠡᠯᠲᠡ ᠶᠢᠨ ᠪᠠᠷᠢᠯᠭ᠎ᠠ ᠪᠣᠯᠤᠨ᠎ᠠ᠃ 2014 ᠣᠨ ᠤ 6 ᠰᠠᠷ᠎ᠠ ᠳᠤ᠂ | ᠳᠥᠷᠪᠡᠳᠦᠭᠡᠷ ᠪᠦᠯᠦᠭ ᠤᠨ ᠬᠤᠲᠠ ᠶᠢᠨ ᠲᠡᠰ ᠤᠨ ᠭᠤᠤᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠶᠯᠡᠰ ᠤᠨ | ᠬᠠᠮᠠᠭᠠᠯᠠᠯᠲᠠ ᠶᠢᠨ ᠨᠢᠭᠡᠴᠢ ᠪᠤᠯᠪᠠ᠃ | 3. ᠪᠠᠶᠢᠯᠳᠤᠭᠠᠨᠲᠤ ᠤᠯᠤᠰ ᠤᠨ ᠦᠶ᠎ᠠ ᠶᠢᠨ ᠵᠤᠤ ᠤᠯᠤᠰ ᠤᠨ ᠣᠷᠳᠣ ᠴᠠᠭᠠᠨ ᠬᠡᠷᠡᠮ ︵ᠬᠥᠨᠳᠡᠯᠡᠨ | ᠲᠣᠭᠤᠷᠢᠭ ᠤᠨ ᠬᠡᠰᠡᠭ︶ | ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 300 ᠣᠨ ᠳᠤ᠂ ᠵᠤᠤ ᠤᠯᠤᠰ ᠤᠨ ᠡᠦ ᠯᠢᠩ ᠸᠠᠩ ᠬᠢᠯᠢ | ᠬᠢᠵᠠᠭᠠᠷ ᠢᠶᠠᠨ ᠦᠷᠬᠡᠳᠭᠡᠵᠤ ᠶᠦᠨ ᠵᠦᠩ ︵ᠤᠳᠤ ᠶᠢᠨ ᠬᠥᠬᠡᠬᠤᠲᠠ ᠶᠢᠨ ᠲᠣᠭᠲᠠᠬᠤ ᠰᠢᠶᠠᠨ ᠤ ᠭᠦ᠋ ᠴᠧᠩ | ᠲᠣᠰᠬᠤᠨ ᠤ ᠡᠷᠲᠡᠨ ᠤ ᠬᠤᠳᠠ︶᠂ ᠵᠢᠦᠶᠤᠸᠠᠨ ︵ᠤᠳᠤ ᠶᠢᠨ ᠪᠤᠭᠤᠲᠤ ᠬᠤᠳᠠ ᠶᠢᠨ ᠲᠡᠯᠡᠨ ᠪᠤᠯᠠᠭ ᠤᠨ | ᠡᠷᠲᠡᠨ ᠤ ᠬᠤᠳᠠ ᠶᠢᠨ ᠬᠤᠶᠢᠲᠤ ᠬᠡᠷᠡᠮ︶ ᠬᠦᠷᠦᠭᠰᠡᠨ ᠤ ᠳᠠᠷᠠᠭ᠎ᠠ᠂ ᠮᠤᠨᠢ ᠠᠭᠤᠯᠠ ᠶᠢᠨ ᠡᠮᠦᠨ᠎ᠡ ᠪᠡᠯ ᠲᠠᠭᠠᠵᠤ | 500 ᠭᠠᠷᠤᠢ ᠺᠢᠯᠤᠮᠧᠲᠷ ᠤᠨ ᠤᠷᠳᠤ ᠴᠠᠭᠠᠨ ᠬᠡᠷᠡᠮ ᠢ ᠪᠠᠶᠢᠭᠤᠯᠵᠤ᠂ ᠾᠦᠩᠨᠦ ᠶᠢᠨ ᠲᠦᠷᠢᠵᠤ ᠤᠷᠤᠵᠤ | ᠢᠷᠡᠬᠦ ᠠᠴᠠ ᠰᠡᠷᠭᠡᠶᠢᠯᠡᠪᠡ᠃ ᠤᠴᠢᠷ ᠨᠢ ᠡᠨᠡ ᠬᠦ ᠣᠷᠳᠣ ᠴᠠᠭᠠᠨ ᠬᠡᠷᠡᠮ ᠨᠢ ᠵᠣᠣ ᠤᠯᠤᠰ ᠤᠨ ᠤᠮᠠᠷᠠᠲᠤ | ᠬᠡᠰᠡᠭ ᠤᠨ ᠬᠢᠯᠢ ᠳᠡᠭᠡᠷ᠎ᠡ ᠣᠷᠣᠰᠢᠵᠤ ᠪᠠᠶᠢᠭ᠎ᠠ ᠲᠤᠯᠠ ᠲᠡᠦᠬᠡᠨ ᠳᠡᠭᠡᠷ᠎ᠡ ︽ᠵᠣᠣ ᠤᠯᠤᠰ ᠤᠨ ᠤᠮᠠᠷᠠᠲᠤ ᠣᠷᠳᠣ | ᠴᠠᠭᠠᠨ ᠬᠡᠷᠡᠮ︾ ᠭᠡᠳᠡᠭ᠃ ᠪᠠᠶᠢᠯᠳᠤᠭᠠᠨᠲᠤ ᠤᠯᠤᠰ ᠤᠨ ᠦᠶ᠎ᠡ ᠶᠢᠨ ᠵᠤᠤ ᠤᠯᠤᠰ ᠤᠨ ᠤᠮᠠᠷᠠᠳᠤ ᠣᠷᠳᠣ ᠴᠠᠭᠠᠨ | ᠬᠡᠷᠡᠮ ᠤᠨ ᠬᠥᠨᠳᠡᠯᠡᠨ ᠲᠣᠭᠤᠷᠢᠭ ᠲᠤ ᠪᠠᠶᠢᠭ᠎ᠠ ᠬᠡᠰᠡᠭ ᠨᠢ ᠭᠤᠣᠯᠳᠠᠭᠤ ᠺᠦᠨ ᠪᠸᠢ ᠬᠡᠷᠡᠭ ᠡᠷᠬᠢᠯᠡᠬᠦ ᠭᠠᠵᠠᠷ ᠪᠠ | ᠪᠤᠷᠬᠠᠨᠲᠤ ᠪᠠᠯᠭᠠᠰᠤᠨ ᠳᠤ ᠲᠠᠷᠬᠠᠵᠤ᠂ ᠪᠦᠬᠦ ᠣᠷᠳᠣ ᠨᠢ ᠪᠠᠷᠤᠭ 18.5 ᠺᠢᠯᠣᠮᠧᠲᠷ ᠪᠤᠢ᠃ ᠤᠷᠲᠤ ᠴᠠᠭᠠᠨ | ᠬᠡᠷᠡᠮ ᠤᠨ ᠬᠡᠷᠡᠮ ᠤᠨ ᠴᠤᠬᠴᠠ ᠨᠢ ᠴᠦᠮ ᠬᠠᠩᠳᠠᠵᠤ ᠪᠠᠶᠢᠭᠤᠯᠤᠬᠰᠠᠨ ᠰᠢᠷᠣᠶ ᠶᠢᠨ ᠬᠡᠷᠡᠮ ᠪᠠᠶᠢᠵᠤ᠂ | ᠬᠠᠩᠳᠠᠭᠰᠠᠨ ᠳᠠᠪᠬᠤᠷᠭ᠎ᠠ ᠨᠢ 6 — 8 ᠰᠠᠨᠲ᠋ᠢᠮᠧᠲᠷ ᠵᠤᠵᠠᠭᠠᠨ᠂ ᠡᠯ᠎ᠡ ᠳᠠᠪᠬᠤᠷᠭ᠎ᠠ ᠶᠢᠨ ᠬᠤᠭᠤᠷᠤᠨᠳᠤ ᠪᠠᠨ | ᠲᠣᠳᠣᠷᠬᠠᠶ᠂ ᠲᠡᠭᠰᠢ ᠪᠥᠭᠡᠳ ᠬᠠᠲᠠᠭᠤ ᠪᠠᠬᠢᠯᠢᠭ᠌᠃ ᠤᠳᠤ ᠪᠠᠶᠢᠭ᠎ᠠ ᠬᠡᠷᠡᠮ ᠤᠨ ᠥᠨᠳᠥᠷ ᠨᠢ ᠨᠡᠶᠢᠳᠡᠮ ᠳᠡᠭᠡᠨ 2 | ᠮᠧᠲᠷ ᠬᠦᠷᠬᠦ ᠦᠭᠡᠶ᠂ ᠳᠠᠯᠠᠩ ᠬᠡᠯᠪᠡᠷᠢ ᠲᠠᠢ᠂ ᠥᠷᠭᠡᠨ ᠨᠢ 4 — 7 ᠮᠧᠲᠷ᠃ ᠰᠢ ᠱᠦᠢ ᠴᠢᠦᠸᠠᠨ | ᠤ ᠬᠡᠰᠡᠭ ᠤᠨ ᠬᠡᠷᠡᠮ ᠳᠡᠭᠡᠷ᠎ᠡ ᠬᠠᠩᠳᠠᠭᠰᠠᠨ ᠬᠤᠳᠤᠭᠤᠷ ᠬᠡᠰᠡᠭ ᠪᠠᠶᠢᠬᠤ ᠶᠢ ᠢᠯᠡᠷᠡᠬᠦᠯᠪᠡ᠂ ᠡᠨᠡ ᠬᠤᠳᠤᠭᠤᠷ ᠨᠢ | ᠵᠢᠭᠳᠡ ᠲᠣᠭᠤᠷᠢᠭ ᠬᠡᠯᠪᠡᠷᠢ ᠲᠠᠢ᠂ ᠮᠠᠰᠢ ᠨᠢᠭᠲᠠ᠂ ᠳ᠋ᠢᠶᠠᠮᠧᠲᠷ ᠨᠢ 9.5 ᠰᠠᠨᠲ᠋ᠢᠮᠧᠲᠷ ᠣᠷᠴᠢᠮ᠃ ᠬᠡᠷᠡᠮ ᠢ | ᠲᠠᠭᠠᠵᠤ 5 ᠲᠤᠬᠢᠶ᠋ᠨᠨ ᠤ ᠭᠠᠯ ᠤᠨ ᠲᠠᠬᠳᠤ᠂ 7 ᠬᠠᠯᠬᠠᠪᠴᠢ ᠬᠡᠷᠡᠮ ᠢ ᠢᠯᠡᠷᠡᠬᠦᠯᠵᠡᠢ᠂ ᠲᠣᠰ ᠲᠣᠰ᠄ ᠴᠢᠶᠠᠨ | ᠺᠸᠦ ᠽᠢ ᠶᠢᠨ ᠲᠤᠬᠢᠶᠠᠨ ᠤ ᠭᠠᠯ ᠤᠨ ᠲᠠᠭᠳᠤ ︵ᠠᠯᠠᠭ᠎ᠠ ᠪᠣᠯᠪᠠ︶᠂ ᠰᠢ ᠱᠦᠶ ᠴᠢᠤᠸᠠᠨ ᠤ 1—3 ᠳ᠋ᠤᠭᠠᠷ | ᠨᠣᠮᠧᠷᠲᠤ ᠲᠤᠬᠢᠶᠠᠨ ᠤ ᠭᠠᠯ ᠤᠨ ᠲᠠᠬᠳᠤ ᠪᠠ ᠪᠤᠷᠬᠠᠨᠲᠤ ᠶᠢᠨ ᠲᠤᠬᠢᠶᠠᠨ ᠤ ᠭᠠᠯ ᠤᠨ ᠲᠠᠭᠳᠤ ᠪᠣᠯᠤᠨ᠎ᠠ᠂ | ᠡᠲᠡᠭᠡᠷ ᠢ ᠴᠥᠮ ᠰᠢᠷᠣᠶ ᠪᠠᠷ ᠪᠠᠷᠢᠭᠰᠠᠨ ᠪᠥᠭᠡᠳ ᠣᠷᠳᠣ ᠴᠠᠭᠠᠨ ᠬᠡᠷᠡᠮ ᠤᠨ ᠳᠣᠲᠣᠷ᠎ᠠ ᠲᠠᠯ᠎ᠠ ᠳᠤ ᠨᠢ | ᠪᠠᠶᠢᠭᠤᠯᠵᠠᠶ᠃ ᠬᠠᠯᠬᠠᠪᠴᠢ ᠬᠡᠷᠡᠮ ᠤᠨ ᠬᠤᠪᠢ ᠳᠤ᠂ ᠲᠤᠰ ᠲᠤᠰ ᠬᠡᠷᠡᠮ ᠲᠤᠰᠬᠤᠨ ᠤ ᠬᠢᠯᠢ ᠳᠤ ᠪᠠᠶᠢᠭ᠎ᠠ | ᠬᠠᠯᠬᠠᠪᠴᠢ ᠬᠡᠷᠡᠮ᠂ ᠬᠥᠨᠳᠡᠯᠡᠨ ᠭᠤᠤ ᠶᠢᠨ ᠬᠠᠯᠬᠠᠪᠴᠢ ᠬᠡᠷᠡᠮ᠂ ᠬᠥᠨᠳᠡᠯᠡᠨ ᠰᠦᠮ᠎ᠡ ᠶᠢᠨ ᠬᠠᠯᠬᠠᠪᠴᠢ ᠬᠡᠷᠡᠮ ︵ | ᠠᠯᠠᠭ᠎ᠠ ᠪᠣᠯᠪᠠ︶᠂ ᠬᠤ᠋ ᠪᠧᠨ ᠬᠠᠨ ᠭᠸᠦ ᠶᠢᠨ ᠬᠤᠶᠢᠲᠤ ᠬᠠᠯᠬᠠᠪᠴᠢ ᠬᠡᠷᠡᠮ᠂ ᠬᠤ᠋ ᠪᠧᠨ ᠬᠠᠨ ᠭᠸᠦ ᠶᠢᠨ | ᠡᠮᠦᠨ᠎ᠡ ᠬᠠᠯᠬᠠᠪᠴᠢ ᠬᠡᠷᠡᠮ ︵ᠠᠯᠠᠭ᠎ᠠ ᠪᠣᠯᠪᠠ︶᠂ ᠪᠤᠷᠬᠠᠨᠲᠤ ᠶᠢᠨ ᠬᠠᠯᠬᠠᠪᠴᠢ ᠬᠡᠷᠡᠮ ᠪᠠ ᠬᠠᠳᠠᠮᠠᠯ ᠭᠤᠤᠯ ᠶᠢᠨ | ᠬᠠᠯᠬᠠᠪᠴᠢ ᠬᠡᠷᠡᠮ᠂ ᠪᠦᠷ ᠤᠷᠳᠤ ᠴᠠᠭᠠᠨ ᠬᠡᠷᠡᠮ ᠤᠨ ᠳᠣᠲᠣᠷ᠎ᠠ ᠲᠡᠯ᠎ᠡ ᠳᠤ ᠪᠠᠶᠢᠷᠢᠯᠠᠵᠤ᠂ ᠣᠯᠠᠩᠬᠢ ᠶᠢ ᠨᠢ ᠳᠠᠯᠠᠨ | ᠬᠠᠷ᠎ᠠ ᠠᠭᠤᠯᠠ᠂ ᠮᠤᠨᠢ ᠠᠭᠤᠯᠠ ᠶᠢᠨ ᠭᠤᠤ ᠶᠢᠨ ᠠᠮᠠ ᠶᠢᠨ ᠬᠤᠶᠠᠷ ᠡᠷᠭᠢ ᠳᠤ ᠪᠠᠶᠢᠷᠢᠯᠠᠭᠤᠯᠵᠠᠶ᠃ |