ᠡᠶᠢᠮᠤ ᠪᠣᠳᠠᠰ ᠨᠢ ᠬᠡᠦᠬᠡᠳ ᠤᠨ ᠦᠷᠡᠵᠢᠯ ᠤᠨ ᠡᠷᠬᠡᠲᠡᠨ ᠪᠠ ᠪᠤᠶᠢᠵᠢᠯᠲᠠ ᠶᠢ ᠨᠥᠯᠥᠭᠡᠯᠡᠨ᠎ᠡ︕
ᠨᠡᠶᠢᠲᠡᠯᠡᠭᠰᠡᠨ ᠴᠠᠭ᠄
2022/2/15
      ᠲᠣᠭᠯᠠᠭᠠᠮ ᠨᠢ ᠪᠠᠷᠢᠮᠵᠢᠶ᠎ᠠ ᠠᠴᠠ 70 ᠳᠠᠬᠢᠨ ᠬᠡᠲᠦᠷᠡᠵᠡᠶ︕ ᠮᠢᠩᠭᠠᠨ ᠳ᠋ᠦᠩᠰᠢᠭᠤᠷ  ᠲᠥᠭᠦᠷᠢᠭ ᠤᠨ  ᠬᠡᠪᠴᠢᠶᠡᠲᠦ‌ᠵᠠᠬ᠎ᠠ ᠳᠡᠯᠭᠡᠭᠦᠷ ᠤᠨ ᠶᠠᠰᠤ ᠴᠢᠨᠠᠷ  ᠲᠤ ᠬᠡᠷᠬᠢᠨ ᠬᠦᠩᠭᠡᠨ ᠬᠠᠭᠤᠮᠠᠭᠠᠢ ᠬᠠᠨᠳᠤᠵᠤ ᠪᠣᠯᠬᠤ ᠪᠤᠢ ?              ᠬᠡᠦᠬᠡᠳ ᠪᠦᠷ ᠡᠯ᠎ᠡ ᠵᠦᠢᠯ ᠤᠨ ᠲᠣᠭᠯᠠᠭᠠᠮ ᠨᠠᠭᠠᠳᠬᠤ ᠳᠤᠷᠠᠲᠠᠢ᠂ ᠢᠯᠠᠩᠭᠤᠶ᠎ᠠ ᠨᠢᠯᠬ᠎ᠠ ᠬᠡᠦᠬᠡᠳ ᠪᠠᠰᠠ ᠲᠣᠭᠯᠠᠭᠠᠮ‌ᠵᠢᠠᠨ ᠬᠠᠵᠠᠵᠤ ᠬᠡᠮᠡᠯᠢᠲᠡᠭ᠂ ᠭᠡᠬᠦ ᠳᠡᠭᠡᠨ ᠲᠣᠭᠯᠠᠭᠠᠮ ᠳᠤ  ᠣᠷᠣᠰᠢᠵᠤ  ᠪᠠᠶᠢᠭ᠎ᠠ  ᠠᠮᠤᠷ  ᠲᠦᠪᠰᠢᠨ  ᠪᠤᠰᠤ  ᠠᠰᠠᠭᠤᠳᠠᠯ ᠨᠢ‌‍ᠬᠥ᠋ᠮᠦᠰ ᠢ ᠲᠦᠢᠯ ᠢᠶᠠᠷ ᠰᠠᠨᠠᠭ᠎ᠠ ᠵᠣᠪᠠᠭᠤᠯᠳᠠᠭ᠃              ᠵᠢᠶᠠᠩᠰᠦ ᠮᠤᠵᠢ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠲᠦᠷᠦᠭᠦᠬᠡᠨ  ᠨᠢᠭᠡ  ᠪᠦᠯᠦᠭ‌ᠠᠳᠠᠯᠢ ᠪᠤᠰᠤ ᠲᠥᠷᠥᠯ ᠤᠨ ᠨᠠᠭᠠᠳᠤᠮ ᠤᠨ ᠵᠥᠢᠯ ᠳᠤ  ᠬᠢᠨᠠᠯᠲᠠ  ᠲᠠᠯᠪᠢᠵᠤ  ᠰᠣᠩᠭᠤᠨ  ᠪᠠᠶᠢᠴᠠᠭᠠᠭᠰᠠᠨ  ᠦᠷ᠎ᠡ  ᠳ᠋ᠦᠩ ᠢ‌ᠨᠡᠶᠢᠲᠡᠯᠡᠪᠡ᠂ ᠰᠤᠷᠪᠤᠯᠵᠢᠯᠠᠭᠴᠢ ᠰᠤᠷᠪᠤᠯᠵᠢᠯᠠᠭ᠎ᠠ ᠶᠢᠨ ᠳᠤᠮᠳᠠ  ᠣᠯᠵᠤ  ᠮᠡᠳᠡᠭᠰᠡᠨ ᠨᠢ᠂  ᠡᠨᠡ  ᠤᠳᠠᠭᠠᠨ ᠤ  ᠨᠠᠭᠠᠳᠤᠮ ‍ᠤᠨ‌ᠵᠥ᠋ᠢᠯ ᠳᠤ ᠰᠦᠯᠢᠶᠣᠣ ᠴᠠᠪᠠᠤᠯᠢᠭ  ᠨᠠᠭᠠᠳᠤᠮ  ᠪᠠ  ᠬᠡᠤᠬᠡᠯᠳᠡᠶ  ᠨᠠᠭᠠᠳᠤᠮ ᠤᠨ  ᠵᠥᠢᠯ  ᠭᠡᠬᠦ  ᠬᠤᠶᠠᠷ  ᠶᠡᠭᠡ  ᠲᠥᠷᠥᠯ ‍ᠤᠨ‌‍ᠪᠦ᠋ᠲᠦᠭᠡᠭᠳᠡᠬᠦᠨ ᠤ ᠬᠡᠪᠰᠢᠭᠦᠯᠦᠭᠴᠢ ᠡᠳ᠋ ᠨᠢ ᠤᠯᠤᠰ ᠤᠨ ᠬᠤᠯᠪᠣᠭᠳᠠᠯ ᠪᠥᠬᠦᠶ  ᠪᠠᠷᠢᠮᠵᠢᠶ᠎ᠠ ᠶᠢᠨ  ᠱᠠᠭᠠᠷᠳᠠᠯᠭ᠎ᠠ ᠳᠤ  ᠨᠡᠶᠢᠴᠡᠬᠦ‌ᠥᠬᠡᠶ ᠪᠠᠶᠢᠨ᠎ᠠ᠃               ᠣᠶᠢᠯᠠᠭᠠᠭᠰᠠᠨ ᠢᠶᠠᠷ᠂ ᠡᠨᠡ ᠤᠳᠠᠭᠠᠨ ᠤ ᠰᠤᠩᠭᠤᠨ ᠪᠠᠶᠢᠴᠠᠭᠠᠯᠲᠠ ᠳᠤ ᠢᠯᠡᠷᠡᠭᠦᠯᠦᠭᠰᠡᠨ ᠬᠡᠪᠰᠢᠭᠦᠯᠦᠭᠴᠢ  ᠡᠳ᠋ ‍ᠤᠨ‌‍ᠪᠠᠷᠢᠮᠵᠢᠶ᠎ᠠ ᠠᠴᠠ ᠬᠡᠲᠦᠷᠡᠭᠰᠡᠨ ᠲᠣᠭᠯᠠᠭᠠᠮ ᠤᠨ ᠵᠥᠢᠯ ᠠᠴᠠ ᠦᠵᠡᠪᠡᠯ᠂  ᠬᠡᠦᠬᠡᠳ  ᠲᠣᠭᠯᠠᠭᠠᠮ  ᠨᠠᠭᠠᠳᠴᠤ  ᠪᠠᠶᠢᠬᠤ ᠳ᠋ᠠᠭᠠᠨ‌‍ᠲ᠋ᠣᠭᠯᠠᠭᠠᠮ ᠢ ᠲᠡᠮᠲᠡᠷᠢᠬᠦ᠂ ᠲᠣᠭᠯᠠᠭᠠᠮ ᠬᠡᠮᠡᠯᠢᠬᠦ ᠳᠤ ᠴᠥᠮ ᠬᠡᠪᠰᠢᠭᠦᠯᠦᠭᠴᠢ ᠡᠳ᠋ ᠤᠨ  ᠰᠢᠯᠵᠢᠯᠲᠡ  ᠡᠭᠦᠰᠴᠦ᠂  ᠬᠡᠦᠬᠡᠳ ‍ᠤᠨ‌‍ᠰᠢᠩᠭᠡᠭᠡᠯᠲᠡ ᠶᠢᠨ ᠵᠠᠮ ᠢᠶᠠᠷ ᠳᠡᠮᠵᠢᠨ ᠪᠡᠶ᠎ᠡ ᠳᠣᠲᠣᠷ᠎ᠠ ᠣᠷᠣᠵᠤ ᠮᠡᠳᠡᠨ᠎ᠡ᠃ ᠰᠦᠯᠢᠶᠣᠣ  ᠡᠳ᠋  ᠪᠠᠷᠢᠮᠵᠢᠶ᠎ᠠ ᠠᠴᠠ  ᠬᠡᠲᠦᠷᠡᠭᠰᠡᠨ‌‍ᠲ᠋ᠣᠭᠯᠠᠭᠠᠮ ᠬᠡᠦᠬᠡᠳ ᠤᠨ ᠦᠷᠡᠵᠢᠯ ᠤᠨ ᠡᠷᠬᠡᠲᠡᠨ ᠪᠠ ᠪᠤᠶᠢᠵᠢᠯᠲᠠ ᠵᠡᠷᠭᠡ ᠡᠷᠡᠭᠦᠯ  ᠮᠡᠨᠳᠦ ᠶᠢᠨ  ᠲᠠᠯ᠎ᠠ ᠳᠤ  ᠠᠰᠢᠭ  ᠦᠭᠡᠢ‌ᠨᠥ᠋ᠯᠥᠭᠡ ᠦᠵᠡᠭᠦᠯᠵᠦ ᠮᠡᠳᠡᠨ᠎ᠡ ᠭᠡᠳᠡᠭ ᠢ ᠰᠤᠳᠤᠯᠭᠠᠨ ᠬᠠᠷᠠᠭᠤᠯᠵᠤ ᠪᠠᠶᠢᠨ᠎ᠠ᠃               ᠲᠤᠰᠬᠠᠶ ᠮᠡᠷᠭᠡᠵᠢᠯᠲᠡᠨ ᠰᠤᠷᠪᠤᠯᠵᠢᠯᠠᠭᠴᠢ ᠳᠤ  ᠬᠡᠯᠡᠬᠦ ᠳᠡᠭᠡᠨ᠂  ᠦᠷᠡᠵᠢᠯ ᠤᠨ  ᠡᠷᠬᠡᠲᠡᠨ  ᠤ  ᠡᠷᠡᠭᠦᠯ  ᠮᠡᠨᠳᠦ ᠵᠢᠨ‌‍ᠲ᠋ᠠᠯ᠎ᠠ ᠠᠴᠠ ᠭᠠᠳᠠᠨ᠎ᠠ᠂ ᠰᠤᠳᠤᠯᠭᠠᠨ ᠳᠤ ᠪᠠᠰᠠ ᠬᠡᠪᠰᠢᠭᠦᠯᠦᠭᠴᠢ ᠡᠳ᠋ ᠤᠨ ᠠᠭᠤᠯᠤᠭᠳᠠᠴᠠ ᠬᠡᠲᠦ ᠥᠨᠳᠥᠷ ᠪᠠᠶᠢᠬᠤ ᠨᠢ  ᠪᠠᠰᠠ‌‍ᠬᠡᠦᠬᠡᠳ ᠤᠨ ᠳᠣᠲᠣᠭᠠᠳᠤ ᠱᠦᠬᠦᠷᠡᠯ  ᠤᠨ ᠰᠢᠰᠲ᠋ᠧᠮ᠂ ᠮᠡᠳᠡᠷᠡᠯ ᠤᠨ ᠰᠢᠰᠲ᠋ᠧᠮ ᠪᠠ ᠡᠭᠡᠯᠢᠯᠡᠭᠡ ᠶᠢᠨ ᠴᠢᠳᠠᠮᠵᠢ ᠶᠢᠨ  ᠰᠢᠰᠲ᠋ᠧᠮ‌ᠵᠡᠷᠭᠡ ᠳᠤ ᠬᠤᠤᠷ ᠬᠥᠨᠥᠭᠡᠯ ᠤᠴᠠᠷᠠᠭᠤᠯᠵᠤ ᠮᠡᠳᠡᠨ᠎ᠡ᠃              ᠣᠶᠢᠯᠠᠭᠠᠭᠰᠠᠨ ᠢᠶᠠᠷ᠂ ᠮᠠᠨ ᠤ ᠤᠯᠤᠰ ᠪᠣᠯ ᠳᠡᠯᠡᠬᠡᠶ ᠳᠡᠭᠡᠷᠡᠬᠢ ᠨᠠᠭᠠᠳᠤᠮ ᠤᠨ ᠵᠥᠢᠯ ᠦᠢᠯᠡᠳᠬᠦ ᠬᠠᠮᠤᠭ ᠤᠨ ᠲᠣᠮᠣ‌ᠤᠯᠤᠰ ᠮᠥᠨ᠂ ᠵᠢᠯ ᠤᠨ ᠦᠢᠯᠡᠳᠭᠦᠨ ᠤ ᠥᠷᠲᠡᠭ ᠨᠢ 1000 ᠭᠠᠷᠤᠶ ᠳ᠋ᠦᠩᠰᠢᠭᠤᠷ  ᠲᠥᠭᠦᠷᠢᠭ ᠲᠤ  ᠬᠦᠷᠴᠦ᠂  ᠮᠠᠨ ‍ᠤ‌ᠤᠯᠤᠰ ᠤᠨ ᠨᠠᠭᠠᠳᠤᠮ ᠤᠨ ᠵᠦᠢᠯ ᠤᠨ ᠠᠵᠤ ᠠᠬᠤᠶᠢᠯᠠᠯ ᠣᠳᠣᠬᠠᠨ ᠳᠤ 2 ᠲᠦᠮᠡ ᠶᠢ ᠳᠠᠪᠠᠵᠤ ᠪᠠᠶᠢᠨ᠎ᠠ᠂  ᠰᠤᠷᠪᠤᠯᠵᠢᠯᠠᠭᠴᠢ‌‍ᠪᠠᠶᠢᠴᠠᠭᠠᠯᠲᠠ ᠶᠢᠨ ᠳᠤᠮᠳᠠ ᠪᠠᠨ ᠵᠠᠷᠢᠮ ᠬᠢᠷᠢ ᠲᠡᠩᠴᠡᠭᠦ  ᠥᠬᠡᠶ  ᠨᠠᠭᠠᠳᠤᠮ ᠤᠨ  ᠵᠦᠢᠯ   ᠠᠴᠠ  ᠪᠣᠯᠤᠭᠰᠠᠨ  ᠬᠡᠦᠬᠡᠳ ‍ᠤᠨ‌‍ᠰᠠᠨᠠᠭᠠᠨ ᠳᠤ  ᠥᠬᠡᠶ   ᠰᠢᠷᠬᠠᠲᠤᠯ   ᠪᠠᠶᠢᠨ   ᠳᠠᠬᠢᠨ   ᠡᠭᠦᠰᠴᠦ   ᠪᠠᠶᠢᠬᠤ ᠶᠢ   ᠣᠯᠵᠤ   ᠬᠠᠷᠠᠯ᠎ᠠ᠂   ᠪᠦᠷᠢᠳᠬᠡᠯ ᠳ᠋ᠤ᠋‌ᠢᠯᠡᠷᠡᠭᠦᠯᠦᠭᠰᠡᠨ ᠢᠶᠠᠷ᠂  ᠭᠡᠨᠡᠳᠲᠡ ᠶᠢᠨ  ᠰᠢᠷᠬᠠᠲᠤᠯ  ᠪᠣᠯ  0—14  ᠨᠠᠰᠤᠨ ᠤ  ᠬᠡᠦᠬᠡᠳ ᠤᠨ  ᠬᠠᠮᠤᠭ ᠤᠨ  ᠴᠢᠬᠤᠯᠠ‌‍ᠰᠢᠷᠬᠠᠲᠤᠯ ᠤᠨ ᠰᠢᠯᠲᠠᠭᠠᠨ ᠪᠣᠯᠤᠨ᠎ᠠ᠂ ᠬᠡᠦᠬᠡᠳ ᠵᠢᠵᠢᠭ ᠰᠡᠯᠪᠢᠭ ᠲᠤᠨᠤᠭ ᠢ ᠠᠳᠡᠭᠦᠷᠡᠨ ᠢᠳᠡᠬᠦ ᠪᠤᠶᠤ ᠠᠳᠡᠭᠦᠷᠡᠨ  ᠵᠠᠯᠭᠢᠭᠠᠳ‌ᠬᠠᠭ᠋ᠠᠬᠤ ᠵᠡᠷᠭᠡ ᠠᠴᠠ ᠪᠣᠯᠤᠭᠰᠠᠨ ᠰᠢᠷᠬᠠᠲᠤᠯ ᠤᠨ ᠬᠠᠷᠢᠴᠠᠯ ᠨᠢ 53 . 23 % ᠳᠤ ᠬᠦᠷᠴᠡᠶ᠃               ᠲᠣᠭᠯᠠᠭᠠᠮ ᠪᠣᠯ ᠬᠡᠦᠬᠡᠳ ᠢ ᠪᠠᠶᠠᠷ ᠬᠥᠷ ᠲᠠᠢ ᠨᠠᠭᠠᠳᠤᠭᠤᠯᠵᠤ᠂ ᠤᠬᠠᠭᠠᠨ ᠪᠢᠯᠢᠭ   ᠢ   ᠨᠢ  ᠨᠡᠬᠡᠭᠲᠡᠬᠦᠯᠬᠦ  ᠵᠢᠨ‌‍ᠲ᠋ᠦ᠋ᠯᠦᠭᠡ ᠪᠠᠶᠢᠵᠤ ᠲᠠᠭᠠᠷᠠᠨ᠎ᠠ᠂ ᠬᠠᠷᠢᠨ ᠬᠤᠣᠷ ᠬᠥᠨᠥᠭᠡᠯ ᠠᠪᠴᠢᠷᠠᠵᠦ ᠪᠤᠯᠠᠤ ᠦᠭᠡᠢ᠃ ᠬᠡᠦᠬᠡᠳ ᠤᠨ ᠡᠷᠡᠭᠦᠯ ᠢᠶᠠᠷ  ᠦᠰᠦᠨ‌‍ᠪᠤᠶᠢᠵᠢᠬᠤ ᠶᠢ ᠬᠠᠮᠠᠭᠠᠯᠠᠬᠤ ᠪᠣᠯ ᠨᠠᠰᠤᠨ ᠳᠤ ᠬᠦᠷᠦᠭᠰᠡᠳ ᠤᠨ ᠳᠠᠷᠬᠠᠨ ᠡᠭᠦᠷᠭᠡ᠂ ᠪᠦᠲᠦᠭᠡᠭᠳᠡᠬᠦᠨ ᠤ ᠴᠢᠨᠠᠷ ᠢ ᠪᠠᠲᠤᠯᠠᠬᠤ ᠪᠣᠯ‌ᠠᠵᠤ  ᠠᠬᠤᠢᠯᠠᠯ ᠤᠨ  ᠳᠠᠷᠬᠠᠨ  ᠡᠭᠦᠷᠭᠡ᠃  ᠣᠳᠣᠬᠠᠨ ᠳᠤ  ᠮᠠᠨ ᠤ  ᠤᠯᠤᠰ ᠤᠨ  ᠲᠣᠭᠯᠠᠭᠠᠮ ᠤᠨ  ᠵᠥᠢᠯ ᠤᠨ  ᠵᠢᠯ ‍ᠤᠨ‌ᠦᠢᠯᠡᠳᠬᠦᠨ ᠤ ᠥᠷᠲᠡᠭ 1000 ᠭᠠᠷᠤᠶ ᠳ᠋ᠦᠩᠰᠢᠭᠤᠷ ᠲᠥᠭᠦᠷᠢᠭ ᠲᠤ ᠬᠦᠷᠴᠦ ᠪᠠᠶᠢᠨ᠎ᠠ᠂ ᠡᠨᠡ ᠪᠣᠯ ᠨᠢᠭᠡᠨ  ᠯᠤᠲᠤ  ᠶᠡᠭᠡ‌ᠵᠠᠬ᠎ᠠ ᠳᠡᠯᠭᠡᠭᠦᠷ ᠮᠥᠨ᠂ ᠮᠢᠩᠭᠠᠨ ᠳ᠋ᠦᠩᠰᠢᠭᠤᠷ ᠤᠨ ᠬᠡᠪᠴᠢᠶᠡᠲᠦ ᠵᠠᠬ᠎ᠠ ᠳᠡᠯᠭᠡᠭᠦᠷ ᠪᠣᠯᠬᠤᠷ ᠶᠠᠰᠤ ᠴᠢᠨᠠᠷ ᠲᠤ ᠤᠬᠲᠤ ᠬᠦᠩᠭᠡᠨ‌ᠬᠠᠭᠤᠮᠠᠭᠠᠢ ᠬᠠᠨᠳᠤᠵᠤ   ᠪᠣᠯᠬᠤ ᠥᠬᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号