︽ᠰᠦᠯᠵᠢᠶᠡᠨ ᠤ ᠳᠤᠮᠳᠠᠳᠤ ᠤᠯᠤᠰ ᠤᠨ ᠪᠠᠶᠠᠷ ᠂ ᠥᠯᠵᠡᠶᠢᠲᠦ ᠡᠳᠦᠷ ᠤᠨ ᠪᠠᠶᠠᠷ︾ ᠬᠦᠳᠡᠯᠭᠡᠭᠡᠨ ᠪᠠᠶᠠᠯᠢᠭ ᠰᠠᠶᠢᠬᠠᠨ ᠶᠠᠪᠤᠭᠳᠠᠪᠠ
ᠨᠡᠶᠢᠲᠡᠯᠡᠭᠰᠡᠨ ᠴᠠᠭ᠄
2022/2/17
     ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠲᠦᠯᠦᠭᠡ᠂ ᠪᠠᠶᠠᠷ ᠤᠨ ᠡᠳᠦᠷ ᠤᠨ ᠠᠭᠤᠷ ᠠᠮᠢᠰᠬᠤᠯ ᠢ ᠬᠥᠭᠵᠢᠶᠡᠨ ᠲᠠᠢ ᠪᠣᠯᠭᠠᠵᠤ᠂ ᠰᠠᠭᠤᠭᠠᠯᠢ ᠠᠷᠠᠳ ᠢ ᠪᠠᠶᠠᠷ ᠬᠥᠷ ᠲᠠᠢ ᠠᠭᠤᠷ ᠠᠮᠢᠰᠬᠤᠯ ᠤᠨ ᠳᠤᠮᠳᠠ ᠥᠯᠵᠡᠶᠢᠲᠦ ᠡᠳᠦᠷ ᠤᠨ ᠪᠠᠶᠠᠷ ᠢ ᠥᠩᠭᠡᠷᠡᠭᠦᠯᠪᠠ᠂ 2 ᠰᠠᠷ᠎ᠠ ᠶᠢᠨ 10  ᠤ ᠡᠳᠦᠷ ᠬᠤᠳᠠ ᠶᠢᠨ ᠵᠠᠰᠠᠭ ᠤᠨ ᠵᠡᠭᠦᠨ ᠵᠠᠮ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠯ᠎ᠡ ᠨᠡᠶᠢᠭᠡᠮ ᠲᠣᠭᠤᠷᠢᠭ ᠪᠠᠶᠠᠯᠢᠭ ᠰᠠᠶᠢᠬᠠᠨ ᠥᠯᠵᠡᠶᠢᠲᠦ ᠡᠳᠦᠷ ᠤᠨ ᠪᠠᠶᠠᠷ ᠤᠨ ᠰᠣᠶᠣᠯ ᠤᠨ ᠬᠦᠳᠡᠯᠭᠡᠭᠡᠨ ᠶᠢ ᠦᠷᠨᠢᠭᠦᠯᠵᠡᠢ᠃
     ᠠᠷᠠᠳ 1# ᠨᠡᠶᠢᠭᠡᠮ ᠲᠣᠭᠤᠷᠢᠭ ᠤᠨ ᠬᠦᠳᠡᠯᠭᠡᠭᠡᠨ ᠶᠢᠨ ᠠᠬᠤᠶ ᠲᠠᠯᠠᠪᠠᠶ ᠳᠤ᠂ ᠰᠠᠶᠢᠨ ᠳᠤᠷ᠎ᠠ ᠶᠢᠨ ᠠᠵᠢᠯᠲᠠᠳ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠲᠤ ︽ ᠡᠯ᠎ᠡ ᠦᠨᠳᠦᠰᠦᠲᠡᠨ ᠤ ᠵᠠᠯᠠᠭᠤᠴᠣᠳ᠂ ᠪᠦᠭᠦᠳᠡᠭᠡᠷ ᠢᠶᠠᠨ ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠪᠠᠶᠠᠷ ᠤᠨ ᠡᠳᠦᠷ ᠢ  ᠪᠡᠯᠭᠡᠯᠡᠶ᠎ᠡ︾ ᠭᠡᠮᠡᠬᠦ ᠤᠷᠠᠨ ᠰᠠᠶᠢᠬᠠᠨ ᠤ ᠲᠣᠭᠯᠠᠯᠲᠠ ᠭᠠᠷᠭᠠᠪᠠ᠃ ᠰᠢᠯᠦᠭ ᠰᠢᠯᠦᠭᠡᠯᠡᠬᠦ᠂ ᠦᠨᠳᠦᠰᠦᠲᠡᠨ ᠤ ᠤᠨᠴᠠᠯᠢᠬᠳᠤ ᠪᠥᠵᠢᠭ᠂ ᠮᠠᠨᠵᠤ ᠲᠡᠷᠯᠢᠭ ᠤᠨ ᠦᠵᠡᠭᠦᠯᠭᠡ᠂ ᠡᠷᠡᠭᠲᠡᠢ ᠡᠮᠡᠭᠲᠡᠢ ᠶᠢᠨ ᠬᠤᠣᠰᠯᠠᠯ ᠳᠠᠭᠤᠤ ᠵᠡᠷᠭᠡ ᠲᠣᠭᠯᠠᠯᠲᠠ ᠵᠠᠯᠭᠠᠭ᠎ᠠ ᠪᠠᠷ ᠶᠠᠪᠤᠭᠳᠠᠵᠤ᠂ ᠲᠤᠬᠠᠢ ᠶᠢᠨ ᠲᠠᠯᠠᠪᠣᠷ ᠶᠢᠨ ᠠᠯᠠᠭ᠎ᠠ ᠲᠠᠰᠢᠯᠳᠠ ᠶᠢᠨ ᠳᠠᠭᠤ ᠪᠠ ᠤᠷᠠᠶᠢᠯᠠᠨ ᠬᠠᠰᠬᠢᠷᠬᠤ ᠳᠠᠭᠤ ᠴᠤᠤᠷᠢᠶᠠᠲᠤᠪᠠ᠃ ᠲᠣᠭᠯᠠᠯᠲᠠ ᠶᠢᠨ ᠳᠤᠮᠳᠠ ︽ᠪᠢ ᠪᠣᠯᠤᠨ ᠮᠢᠨᠦ ᠡᠬᠡ ᠤᠯᠤᠰ︾ ᠭᠡᠬᠦ ᠨᠠᠶᠢᠷᠠᠯ ᠳᠠᠭᠤᠤ ᠨᠢ ᠦᠵᠡᠭᠴᠢᠳ ᠤᠨ ᠬᠦᠷᠢᠶᠡᠯᠡᠯ ᠢ ᠣᠯᠵᠤ᠂ ᠮᠠᠰᠢ ᠣᠯᠠᠨ ᠰᠠᠭᠤᠭᠠᠯᠢ ᠠᠷᠠᠳ ᠵᠠᠯᠭᠠᠭ᠎ᠠ ᠪᠠᠷ ᠲᠠᠶᠢᠰᠠᠨ ᠳᠤ ᠭᠠᠷᠴᠤ᠂ ᠲᠣᠭᠯᠠᠭᠴᠢᠳ ᠲᠠᠢ ᠬᠠᠮᠲᠤ ᠪᠠᠷ ᠳᠠᠭᠤᠯᠵᠣ᠂ ᠬᠠᠮᠲᠤ ᠪᠠᠷ ᠡᠬᠡ ᠤᠯᠤᠰ ᠤᠨ ᠢᠷᠡᠭᠡᠳᠦᠢ ᠨᠠᠩ ᠰᠠᠶᠢᠨ ᠪᠣᠯᠬᠤ ᠶᠢ ᠢᠷᠥᠭᠡᠵᠦ᠂ ᠠᠮᠢᠳᠤᠷᠠᠯ ᠤᠯᠠᠮ ᠠᠴᠠ ᠤᠯᠠᠮ ᠥᠭᠡᠳᠡᠯᠡᠨ ᠰᠠᠶᠢᠵᠢᠷᠠᠬᠤ ᠶᠢ ᠬᠦᠰᠡᠪᠡ᠃      ᠶᠢᠨ ᠬᠤᠸᠠ ᠨᠡᠶᠢᠭᠡᠮ ᠲᠣᠭᠤᠷᠢᠭ ᠣᠨᠢᠰᠤᠭ᠎ᠠ ᠲᠠᠭᠠᠬᠤ ᠪᠠ ᠴᠢ ᠵᠢᠷᠣᠭᠯᠠᠵᠣ ᠪᠢ ᠲᠠᠭᠠᠮᠠᠭᠯᠠᠶ᠎ᠡ ᠵᠡᠷᠭᠡ ᠲᠣᠭᠯᠠᠭᠠᠮ ᠢ ᠪᠡᠯᠡᠳᠬᠡᠪᠡ᠂ ᠬᠦᠳᠡᠯᠭᠡᠭᠡᠨ ᠤ ᠲᠤᠬᠠᠢ ᠶᠢᠨ ᠲᠠᠯᠠᠪᠠᠢ ᠳᠤ᠂ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠲᠠᠪᠤ ᠭᠤᠷᠪᠠ ᠪᠠᠷ ᠴᠤᠭᠯᠠᠷᠠᠨ ᠣᠨᠢᠰᠤᠭ᠎ᠠ ᠲᠠᠭᠠᠵᠣ᠂ ᠬᠤᠭᠤᠷᠣᠨᠳᠤ ᠪᠠᠨ ᠪᠠᠶᠢᠨ ᠪᠠᠶᠢᠨ ︽ᠰᠢᠪᠡᠨᠡᠯᠳᠦᠵᠦ︾᠂ ᠬᠦᠷ ᠬᠥᠭᠵᠢᠶᠡᠨ ᠪᠦᠬᠦ᠋ᠢᠯᠡ ᠨᠡᠶᠢᠭᠡᠮ ᠲᠣᠭᠤᠷᠢᠭ ᠤᠨ ᠬᠦᠳᠡᠯᠭᠡᠭᠡᠨ ᠤ ᠲᠢᠩᠬᠢᠮ ᠳᠤ ᠴᠤᠤᠷᠢᠶᠠᠲᠤᠨ᠎ᠠ᠃
      ᠭᠤᠸᠠᠩ ᠧᠨ ᠨᠡᠶᠢᠭᠡᠮ ᠲᠣᠭᠤᠷᠢᠭ ᠲᠤ᠂ ︽ᠤᠷᠠᠨ ᠰᠢᠲᠠᠷ᠎ᠠ ᠪᠠᠷ ᠬᠥᠷᠰᠢ ᠵᠡᠷᠭᠡᠯᠡᠳᠡᠭᠡ ᠢᠶᠠᠨ ᠬᠤᠯᠪᠣᠵᠣ ᠪᠠᠶᠠᠷ ᠬᠦᠷ ᠲᠠᠢ ᠪᠠᠷ ᠥᠯᠵᠡᠶᠢᠲᠦ ᠡᠳᠦᠷ ᠢ ᠪᠡᠯᠭᠡᠯᠡᠬᠦ︾ ᠰᠢᠲᠠᠷ᠎ᠠ ᠶᠢᠨ ᠤᠷᠤᠯᠳᠤᠭᠠᠨ ᠨᠢ ᠲᠣᠭᠤᠷᠢᠭ ᠤᠨ ᠣᠯᠠᠨ ᠰᠠᠭᠤᠭᠠᠯᠢ ᠠᠷᠠᠳ ᠤᠨ ᠪᠠᠭ᠋ᠠᠷᠬᠠᠯ ᠢ ᠲᠠᠲᠠᠪᠠ᠃ ᠤᠷᠤᠯᠳᠤᠭᠠᠨ ᠳᠤ ᠣᠷᠣᠯᠴᠠᠭᠰᠠᠳ ᠨᠡᠶᠢᠭᠡᠮ ᠲᠣᠭᠤᠷᠢᠭ ᠤᠨ ᠠᠵᠢᠯᠲᠠᠳ ᠤᠨ ᠪᠡᠯᠡᠳᠬᠡᠭᠰᠡᠨ ᠥᠯᠵᠡᠶᠢᠲᠦ ᠪᠣᠣᠪᠤ ᠶᠢ ᠠᠮᠲᠠᠯᠠᠬᠤ ᠶᠢᠨ ᠳᠠᠭᠠᠤ ᠰᠢᠲᠠᠷ᠎ᠠ ᠲᠠᠯᠪᠢᠡ ᠤᠷ᠎ᠠ ᠮᠡᠷᠭᠡᠵᠢᠯ ᠢᠶᠠᠨ ᠰᠣᠯᠢᠯᠴᠠᠵᠤ᠂ ᠲᠤᠬᠠᠢ ᠶᠢᠨ ᠲᠠᠯᠠᠪᠠᠢ ᠳᠤ ᠪᠠᠶᠠᠷ ᠬᠦᠷ ᠢᠶᠠᠷ ᠪᠢᠯᠬᠠᠵᠤ ᠪᠠᠶᠢᠪᠠ᠃     ᠬᠦᠳᠡᠯᠭᠡᠭᠡᠨ ᠤ ᠬᠤᠭᠤᠴᠠᠭᠠᠨ ᠳᠤ ᠵᠡᠭᠡᠯᠢ ᠭᠤᠳᠤᠮᠵᠢ ᠪᠣᠯᠤᠨ ᠨᠡᠶᠢᠭᠡᠮ ᠲᠣᠭᠤᠷᠢᠭ ᠤᠨ ᠨᠠᠮ ᠤᠨ ᠭᠡᠰᠢᠭᠦᠨ ᠰᠠᠶᠢᠨ ᠳᠤᠷ᠎ᠠ ᠶᠢᠨ ᠠᠵᠢᠯᠲᠠᠳ ᠪᠠᠰᠠ ᠨᠡᠶᠢᠭᠡᠮ ᠲᠣᠭᠤᠷᠢᠭ ᠤᠨ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯᠴᠢᠨ᠂ ᠬᠦᠴᠢᠷᠳᠡᠯᠲᠡᠶ ᠨᠠᠮ ᠤᠨ ᠭᠡᠰᠢᠭᠦᠨ᠂ ᠵᠡᠮᠳᠡᠭᠴᠦᠳ ᠤᠨ ᠭᠡᠷ ᠪᠦᠯᠢ᠂ ᠭᠠᠭᠴᠠᠭᠠᠷ ᠰᠠᠭᠤᠭ᠎ᠠ ᠨᠠᠰᠤᠲᠠᠨ ᠂ ᠬᠡᠦᠬᠡᠳ ᠢᠶᠠᠨ ᠠᠯᠳᠠᠭᠰᠠᠨ ᠭᠡᠷ ᠪᠦᠯᠢ ᠵᠡᠷᠭᠡ ᠣᠨᠴᠠᠭᠠᠶ ᠬᠦᠮᠦᠰ ᠢ ᠲᠣᠬᠤᠨᠢᠭᠤᠯᠵᠤ᠂ ᠲᠡᠳᠡᠨ ᠳᠤ ᠵᠢᠮᠢᠰ ᠪᠣᠯᠤᠨ ᠥᠯᠵᠡᠶᠢᠲᠦ ᠪᠣᠣᠪᠤ ᠢ ᠬᠦᠷᠭᠡᠭᠰᠡᠨ ᠪᠥᠭᠡᠳ ᠨᠠᠮ ᠤᠨ ᠬᠠᠶᠢᠷ᠎ᠠ ᠬᠠᠯᠠᠮᠵᠢ ᠶᠢ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠳᠡᠷᠭᠡᠳᠡ ᠬᠦᠷᠭᠡᠵᠡᠶ᠃ ︵ᠰᠤᠷᠪᠤᠯᠵᠢᠯᠠᠭᠴᠢ᠄ ᠵᠠᠩ ᠯᠸᠢ᠂ ᠯᠢᠦ ᠵᠧᠨ᠂ ᠬᠠᠨ ᠵᠧ᠂ ᠦ᠋ ᠮᠧᠩ ᠳ᠋ᠶᠧ︶
 
ᠢᠷᠡᠯᠲᠡ᠄ ᠬᠦᠨᠳᠡᠯᠡᠨ ᠲᠣᠭᠤᠷᠢᠭ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号