︽ᠲᠩᠷᠢ ᠲᠤᠯᠤᠮ᠎ᠠ ᠦᠨᠡᠲᠡᠢ ᠡᠮ︾ ᠤᠨ ᠦᠨ᠎ᠡ ᠶᠢ ᠪᠠᠭᠤᠷᠠᠭᠤᠯᠤᠨ ᠡᠮᠨᠡᠯᠭᠡ ᠶᠢᠨ ᠳᠠᠭᠠᠳᠬᠠᠯ ᠳᠤ ᠣᠷᠣᠭᠤᠯᠵᠤ 8 ᠨᠠᠰᠤᠲᠠᠶ ᠬᠡᠦᠬᠡᠳ ᠲᠤ ᠬᠡᠷᠡᠭᠯᠡᠪᠡ︕
ᠨᠡᠶᠢᠲᠡᠯᠡᠭᠰᠡᠨ ᠴᠠᠭ᠄
2022/2/8
     ᠰᠤᠷᠪᠤᠯᠵᠢᠯᠠᠭᠴᠢ  ᠥᠪᠥᠷ  ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ   ᠡᠮᠨᠡᠯᠭᠡ ᠶᠢᠨ   ᠳᠠᠭᠠᠳᠬᠠᠯ ‍ᠤᠨ‌‍ᠲ᠋ᠣᠪᠴᠢᠶ᠎ᠠ ᠠᠴᠠ ᠣᠶᠢᠯᠠᠭᠠᠭᠰᠠᠨ ᠢᠶᠠᠷ᠂ ᠣᠶᠢᠷ᠎ᠠ ᠳᠤ᠂ ᠥᠪᠥᠷ ᠮᠣᠩᠭᠤᠯ ᠤᠨ ᠠᠨᠠᠭᠠᠬᠤ ᠤᠬᠠᠭᠠᠨ ᠤ ᠶᠡᠭᠡ  ᠰᠤᠷᠭᠠᠭᠤᠯᠢ ᠵᠢᠨ‌ᠬᠠᠷᠢᠶᠠᠲᠤ ᠡᠮᠨᠡᠯᠭᠡ ᠶᠢᠨ ᠬᠤᠷᠢᠶ᠎ᠠ ᠨᠤᠭᠤᠰᠤᠨ ᠤ ᠴᠢᠨᠠᠷᠲᠠᠶ ᠪᠤᠯᠴᠢᠩ ᠤᠨ  ᠬᠠᠲᠠᠩᠬᠢᠷᠡᠯ  ︵SMA︶  ᠡᠪᠡᠳᠴᠢᠨ ᠲᠠᠢ  8ᠨᠠᠰᠤᠲᠠᠶ ᠬᠡᠦᠬᠡᠳ ᠲᠤ ᠨᠦᠰᠢᠨᠠ ᠰᠧᠩᠨᠠ ᠡᠮᠴᠢᠯᠡᠭᠡ  ᠬᠢᠵᠦ  ᠥᠭᠪᠡ᠃  ᠡᠨᠡ  ᠪᠣᠯ  ᠲᠣᠰ  ︽ᠲᠩᠷᠢ ᠲᠤᠯᠤᠮ᠎ᠠ  ᠦᠨᠡᠲᠡᠢ‌ᠡᠮ︾ ᠤᠨ ᠦᠨ᠎ᠡ ᠶᠢ ᠶᠡᠭᠡ ᠪᠠᠷ ᠪᠠᠭᠤᠷᠠᠭᠤᠯᠤᠭᠰᠠᠨ ᠪᠥᠭᠡᠳ ᠡᠮᠴᠢᠯᠡᠭᠡᠨ ᠤ ᠳᠠᠭᠠᠳᠬᠠᠯ ᠳᠤ  ᠣᠷᠣᠭᠤᠯᠤᠭᠰᠠᠨ ᠤ  ᠳᠠᠷᠠᠭ᠎ᠠ᠂ᠥᠪᠥᠷ ᠮᠣᠩᠭᠤᠯ ᠤᠨ  ᠡᠮᠴᠢᠯᠡᠭᠡᠨ ᠤ  ᠳᠠᠭᠠᠳᠬᠠᠯ ᠤᠨ  ᠠᠰᠢᠭ ᠢ  ᠭᠥᠷᠳᠡᠭᠰᠡᠨ  ᠠᠩᠬᠠᠳᠠᠭᠴᠢ  ᠡᠪᠡᠳᠴᠢᠲᠡᠨ  ᠪᠣᠯᠤᠨ᠎ᠠ᠃ᠣᠳᠣᠬᠠᠨ ᠪᠣᠯᠲᠠᠯ᠎ᠠ᠂ ᠥᠪᠥᠷ ᠮᠣᠩᠭᠤᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠡᠮᠨᠡᠯᠭᠡ ᠶᠢᠨ ᠬᠤᠷᠢᠶ᠎ᠠSMA ᠡᠪᠡᠳᠴᠢᠨ ᠳᠤ ᠨᠡᠷᠪᠡᠭᠳᠡᠭᠰᠡᠨ5 ᠬᠡᠤᠬᠡᠳ ᠢ ᠨᠢᠭᠡᠨᠲᠡ ᠡᠮᠨᠡᠨ  ᠵᠠᠰᠠᠵᠤ᠂  ᠬᠠᠮᠤᠭ ᠤᠨ  ᠶᠡᠭᠡ ᠨᠢ  9  ᠨᠠᠰᠤᠲᠠᠶ᠂ᠬᠠᠮᠤᠭ ᠤᠨ ᠪᠠᠭ᠎ᠠ ᠨᠢ ᠵᠥᠪᠬᠡᠨ 1 ᠨᠠᠰᠤᠲᠠᠶ᠃               ᠣᠶᠢᠯᠠᠭᠠᠭᠰᠠᠨ ᠢᠶᠠᠷ᠂ ᠨᠦᠰᠢᠨᠠ ᠰᠧᠩᠨᠠ ᠪᠣᠯ SMA ᠶᠢ ᠡᠮᠨᠡᠨ ᠵᠠᠰᠠᠬᠤ ᠪᠠᠷ ᠵᠦᠪᠰᠢᠶᠡᠷᠡᠭᠳᠡᠭᠰᠡᠨ  ᠤᠯᠤᠰ ‍ᠤᠨ‌‍ᠲ᠋ᠣᠲᠣᠭᠠᠳᠤ ᠶᠢᠨ ᠠᠩᠬᠠᠳᠠᠭᠴᠢ ᠡᠮ ᠪᠣᠯᠤᠨ᠎ᠠ᠂ ᠳᠤᠮᠳᠠᠳᠤ ᠤᠯᠤᠰ ᠤᠨ ᠵᠠᠬ᠎ᠠ ᠳᠡᠯᠭᠡᠭᠦᠷ ᠲᠤ  ᠣᠷᠣᠬᠤ  ᠦᠶ᠎ᠡ ᠳᠤ  ᠰᠢᠷᠬᠡᠭ‌‍ᠪᠦ᠋ᠷᠢ ᠶᠢᠨ ᠦᠨ᠎ᠡ ᠨᠢ 70 ᠲᠦᠮᠡᠨ ᠲᠥᠭᠦᠷᠢᠭ ᠰᠢᠬᠠᠮ ᠬᠦᠷᠲᠡᠭ᠂ ᠡᠪᠡᠳᠴᠢᠲᠡᠨ ᠵᠢᠯ ᠪᠦᠷᠢ  ᠣᠯᠠᠨ  ᠤᠳᠠᠭ᠎ᠠ  ᠲᠠᠷᠢᠯᠭ᠎ᠠ‌‍ᠬᠢᠬᠦ ᠴᠢᠬᠤᠯᠠᠲᠠᠶ ᠪᠥᠭᠡᠳ ᠨᠠᠰᠤᠨ ᠲᠤᠷᠰᠢᠳᠠ ᠡᠮ ᠬᠡᠷᠡᠭᠯᠡᠳᠡᠭ ᠪᠤᠯᠬᠤᠷ᠂ ᠮᠠᠰᠢ  ᠣᠯᠠᠨ  ᠡᠪᠡᠳᠴᠢᠲᠡᠨ  ︽ᠲᠩᠷᠢ  ᠲᠤᠯᠤᠮ᠎ᠠ‌ᠦᠨᠡᠲᠡᠢ ᠡᠮ︾ ᠢ ᠬᠡᠷᠡᠭᠯᠡᠵᠦ ᠳᠡᠶᠢᠯᠬᠦ ᠥᠬᠡᠶ ᠠᠴᠠ ᠪᠣᠯᠵᠣ ᠡᠮᠨᠡᠨ ᠵᠠᠰᠠᠬᠤ ᠶᠢ ᠰᠠᠭᠠᠲᠠᠭᠠᠵᠤ ᠪᠠᠶᠢᠯ᠎ᠠ᠃  2021  ᠣᠨ ᠳ᠋ᠤ᠋‌ᠤᠯᠤᠰ ᠤᠨ ᠡᠮᠨᠡᠯᠭᠡ ᠶᠢᠨ ᠳᠠᠭᠠᠳᠬᠠᠯ ᠤᠨ ᠬᠡᠯᠡᠯᠴᠡᠭᠡ ᠪᠠᠷ ᠳᠡᠮᠵᠢᠨ᠂ ᠨᠦᠰᠢᠨᠠ ᠰᠧᠩᠨᠠ ᠶᠢ ᠪᠠᠭᠲᠠᠭᠠᠭᠰᠠᠨ  7  ᠵᠥᠢᠯ  ‍ᠤᠨ‌ᠬᠤᠪᠣᠷ ᠲᠣᠬᠢᠶᠠᠯᠳᠤᠬᠤ ᠡᠪᠡᠳᠴᠢᠨ ᠳᠤ ᠬᠡᠷᠡᠭᠯᠡᠬᠦ ᠡᠮ ᠢ ᠡᠮᠨᠡᠯᠭᠡ ᠶᠢᠨ ᠳᠠᠭᠠᠳᠬᠠᠯ ᠳᠤ ᠣᠷᠣᠭᠤᠯᠵᠤ᠂ ᠲᠣᠰ ᠡᠮ ᠤᠨ  ᠦᠨ᠎ᠡ‌ᠬᠠᠩᠰᠢ ᠶᠢ ᠴᠤ 3 . 3 ᠲᠦᠮᠡᠨ ᠲᠥᠭᠦᠷᠢᠭ ᠪᠣᠯᠭᠠᠨ ᠪᠠᠭᠤᠷᠠᠭᠤᠯᠤᠭᠰᠠᠨ ᠶᠤᠮ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号