ᠠᠮᠧᠷᠢᠺᠠ ᠶᠢᠨ ᠡᠨᠡ ᠵᠢᠭᠠᠯ ᠭᠡᠵᠢᠭᠡ ᠨᠢ ᠥᠷᠪᠦᠶᠢᠵᠤ ᠰᠡᠭᠰᠡᠶᠢᠬᠦ ᠡᠪᠡᠳᠴᠢᠨ ᠳᠤ ᠨᠡᠷᠪᠡᠭᠳᠡᠵᠡᠢ
ᠨᠡᠶᠢᠲᠡᠯᠡᠭᠰᠡᠨ ᠴᠠᠭ᠄
2022/3/6
    ᠠᠮᠧᠷᠢᠺᠠ ᠶᠢᠨ 17 ᠰᠠᠷ᠎ᠠ ᠲᠠᠢ ᠪᠢᠴᠢᠬᠠᠨ ᠵᠢᠭᠠᠯ ᠬᠤᠪᠣᠷ ᠳᠣᠬᠢᠶᠠᠯᠳᠣᠬᠤ  ᠭᠡᠵᠢᠭᠡ   ᠨᠢ  ᠥᠷᠪᠦᠶᠢᠵᠣ  ᠰᠡᠭᠰᠡᠶᠢᠬᠦ‌‍ᠬᠡᠮ ᠳᠤ ᠨᠡᠷᠪᠡᠭᠳᠡᠵᠡᠢ᠃ ᠡᠨᠡ ᠡᠪᠡᠳᠴᠢᠨ ᠨᠢ ᠭᠡᠵᠢᠭᠡ ᠦᠰᠦ ᠶᠢ ᠥᠷᠪᠦᠶᠢᠯᠭᠡᠵᠣ᠂ ᠰᠠᠮᠨᠠᠬᠤ ᠶᠢᠨ ᠠᠷᠭ᠎ᠠ ᠦᠭᠡᠢ ᠪᠤᠯᠭᠠᠳᠠᠭ᠃ᠤᠳᠣᠬᠠᠨ ᠳᠤ ᠣᠯᠠᠨ ᠤᠯᠣᠰ ᠤᠨ ᠬᠡᠪᠴᠢᠶᠠᠨ ᠳᠤ  ᠡᠶᠢᠮᠦ  ᠡᠪᠡᠳᠴᠢᠨ   ᠲᠠᠢ  ᠬᠥᠮᠣᠨ  ᠵᠠᠭᠤᠭᠠᠳ  ᠪᠠᠶᠢᠨ᠎ᠠ᠃  ᠵᠤᠷᠵᠢᠶ᠎ᠠ‌ᠮᠤᠵᠢ ᠶᠢᠨ ᠠᠲᠯᠠᠨᠲ᠋ᠠ ᠬᠤᠲᠠ ᠶᠢᠨ ᠠᠷᠠᠳ ᠺᠠᠲᠯᠢᠨ ᠬᠡᠯᠡᠬᠦ ᠳᠡᠭᠡᠨ᠂ ᠲᠡᠭᠦᠨ ᠤ 17 ᠰᠠᠷ᠎ᠠ ᠲᠠᠢ ᠬᠦᠦ ᠨᠢ  5  ᠰᠠᠷ᠎ᠠ  ᠲᠠᠢ‌‍ᠪᠠᠶᠢᠬᠤ ᠳᠠᠭᠠᠨ ︽ᠲᠤᠭᠤᠷ ᠤᠨ ᠤᠯᠠᠭᠠᠨ ᠥᠩᠭᠡ ᠲᠠᠢ︾ ᠭᠡᠵᠢᠭᠡ ᠤᠷᠭᠤᠵᠡᠢ᠃ ᠬᠡᠳᠦᠨ ᠰᠠᠷ᠎ᠠ ᠶᠢᠨ ᠬᠢᠨᠢ ᠳᠠᠷᠠᠭ᠎ᠠ ᠬᠦᠦ ᠪᠠᠨ‌ᠡᠮᠴᠢ ᠳᠤ ᠦᠵᠡᠭᠦᠯᠦᠭᠡᠳ ︽ᠭᠡᠵᠢᠭᠡ ᠨᠢ ᠥᠷᠪᠦᠶᠢᠵᠣ ᠰᠡᠭᠰᠡᠶᠢᠬᠦ ᠬᠡᠮ︾ ᠳᠤ ᠨᠡᠷᠪᠡᠭᠳᠡᠵᠡᠢ ᠭᠡᠳᠡᠭ ᠢ ᠲᠣᠳᠣᠯᠠᠭᠰᠠᠨ ᠪᠠᠶᠢᠨ᠎ᠠ᠃ᠡᠨᠡ ᠪᠣᠯ ᠬᠤᠪᠣᠷ ᠳᠣᠬᠢᠶᠠᠯᠳᠣᠬᠤ ᠤᠳᠤᠮᠯᠠᠯ ᠤᠨ ᠴᠢᠨᠡᠷ ᠲᠠᠢ ᠡᠪᠡᠳᠴᠢᠨ ᠪᠣᠯᠣᠨ᠎ᠠ᠃ ᠲᠤᠳᠤᠳᠬᠠᠬᠤ ᠰᠢᠯ ᠢᠶᠠᠷ  ᠦᠵᠡᠬᠦ ᠳ᠋ᠣ᠋‌‍ᠭᠡᠵᠢᠭᠡ ᠶᠢᠨ ᠪᠦᠲᠦᠴᠡ  ᠨᠢ ᠪᠦᠭᠡᠷᠡᠩᠭᠡᠢ ᠬᠡᠯᠪᠡᠷᠢ ᠲᠠᠢ ᠪᠢᠰᠢ᠂ ᠬᠠᠷᠢᠨ ᠭᠤᠷᠪᠠᠯᠵᠢᠨ ᠬᠡᠯᠪᠡᠷᠢ   ᠲᠠᠢ  ᠪᠤᠯᠵᠠᠢ᠃  ᠬᠥᠭᠡᠷᠦᠭᠦᠨ‌ᠵᠢᠭᠠᠯ ᠮᠠᠨᠢ ᠰᠦᠯᠵᠢᠶᠡᠨ ᠳᠡᠭᠡᠷ᠎ᠡ ᠰᠢᠲᠦᠨ ᠪᠢᠰᠢᠷᠡᠭᠴᠢᠳ ᠲᠠᠢ ᠪᠣᠯᠣᠭᠰᠠᠨ ᠪᠥᠭᠡᠳ ᠵᠠᠷᠢᠮ ᠨᠢ ᠲᠡᠭᠦᠨ ᠤ ᠭᠡᠵᠢᠭᠡ ᠶᠢ ᠪᠠᠭᠪᠠᠭᠠᠢ‌‍ᠴᠡᠴᠡᠭ ᠲᠠᠢ ᠠᠳᠠᠯᠢᠬᠠᠨ ᠭᠡᠵᠦ ᠬᠡᠯᠡᠵᠦ ᠪᠠᠶᠢᠨ᠎ᠠ᠃ ᠡᠨᠡ ᠨᠢ ᠶᠠᠭ ᠣᠨᠣᠪᠴᠢᠲᠠᠢ ᠵᠦᠢᠷᠯᠡᠯ  ᠶᠣᠮ  ᠭᠡᠵᠦ  ᠡᠵᠢ   ᠨᠢ  ᠬᠡᠯᠡᠵᠣ‌‍ᠪᠠᠶᠢᠯ᠎ᠠ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号