ᠡᠨᠡ ᠵᠢᠯ ᠠᠴᠠ ᠨᠠᠭᠠᠰᠢ᠂ ᠬᠦᠨᠳᠡᠯᠡᠨ ᠭᠤᠤᠯ ᠪᠠᠯᠭᠠᠰᠤ ᠣᠷᠣᠰᠢᠨ ᠠᠮᠢᠳᠦᠷᠠᠬᠤ ᠣᠷᠴᠢᠨ ᠲᠣᠭᠤᠷᠢᠨ ᠢ | ᠴᠡᠭᠴᠡᠯᠡᠨ ᠵᠠᠰᠠᠬᠤ ᠠᠵᠢᠯ ᠢ ᠦᠷᠭᠦᠯᠵᠢᠯᠡᠨ ᠨᠠᠩ ᠥᠨᠳᠥᠷ ᠪᠠᠷᠢᠮᠵᠢᠶ᠎ᠠ ᠲᠡᠶᠢᠰᠢ ᠠᠬᠢᠭᠤᠯᠬᠤ ᠶᠢᠨ ᠲᠦᠯᠦᠬᠡ᠂ ︽ | ᠨᠠᠮ ᠤᠨ ᠪᠠᠶᠢᠭᠤᠯᠤᠯᠲᠠ +︾ ᠵᠠᠭᠪᠤᠷ ᠢ ᠢᠳᠡᠪᠬᠢᠲᠡᠶ ᠰᠦᠪᠡᠭᠴᠢᠯᠡᠨ᠂ ᠣᠨᠢᠨ ᠳᠡᠭᠡᠷ᠎ᠡ ᠨᠢ ᠬᠦᠴᠦᠯᠡᠵᠦ᠂ ︽ | ᠨᠠᠮ ᠤᠨ ᠭᠡᠰᠢᠭᠦᠨ ᠲᠦᠷᠦᠭᠦᠯᠡᠨ ᠬᠢᠵᠤ᠂ ᠣᠯᠠᠨ ᠲᠦᠮᠡᠨ ᠣᠷᠣᠯᠴᠠᠭᠰᠠᠨ︾ ᠬᠠᠮᠲᠤ ᠪᠠᠷ ᠵᠠᠰᠠᠵᠤ ᠬᠠᠮᠲᠤ ᠪᠠᠷ | ᠪᠠᠶᠢᠭᠤᠯᠬᠤ ᠠᠭᠤᠷ ᠠᠮᠢᠰᠬᠤᠯ ᠢ ᠪᠣᠶ ᠪᠣᠯᠭᠠᠵᠤ᠂ ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠬᠤ ᠬᠢᠬᠡᠳ | ᠣᠷᠣᠰᠢᠨ ᠠᠮᠢᠳᠦᠷᠠᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠶᠢ ᠭᠦᠨᠵᠡᠭᠡᠶ ᠠᠭᠤᠰᠤᠯᠴᠠᠭᠤᠯᠵᠤ᠂ ᠬᠥᠳᠡᠭᠡ | ᠲᠣᠰᠬᠤᠨ ᠢ ᠬᠥᠭᠵᠢᠭᠦᠯᠦᠨ ᠮᠠᠨᠳᠤᠭᠤᠯᠬᠤ ᠲᠡᠪᠢᠰᠬᠡᠷ ᠥᠩᠭᠡ ᠶᠢ ᠢᠯᠡᠷᠡᠬᠦᠯᠦᠭᠰᠡᠨ ᠪᠠᠶᠢᠨ᠎ᠠ᠃ | | | ᠨᠠᠮ ᠤᠨ ᠪᠠᠶᠢᠭᠤᠯᠤᠯᠲᠠ + ᠵᠢᠱᠢᠶ᠎ᠡ ᠦᠵᠡᠭᠦᠯᠬᠦ᠂ ᠭᠤᠷᠪᠠᠨ ᠱᠠᠲᠤᠨ ᠤ ᠱᠦᠵᠢ ︽ᠡᠭᠦᠷᠭᠡ ᠬᠤᠪᠢᠶᠠᠨ | ᠠᠪᠤᠪᠠ︾ | ᠨᠠᠮ ᠤᠨ ᠭᠡᠰᠢᠭᠦᠨ ᠺᠠᠳ᠋ᠷ ᠤᠨ ᠬᠥᠲᠥᠯᠥᠨ ᠳᠠᠭᠠᠭᠤᠯᠵᠤ ᠵᠢᠱᠢᠶ᠎ᠡ ᠦᠵᠡᠭᠦᠯᠦᠨ ᠳᠠᠶᠢᠴᠢᠯᠠᠬᠤ ᠦᠶᠯᠡᠳᠦᠯ ᠢ | ᠴᠢᠩᠭᠠᠳᠬᠠᠵᠤ᠂ ᠪᠠᠯᠭᠠᠰᠤᠨ ᠤ ᠨᠠᠮ ᠤᠨ ᠬᠤᠷᠢᠶᠠᠨ ᠤ ᠱᠦᠵᠢ ︽ᠨᠢᠭᠡᠳᠦᠭᠡᠷ ᠬᠠᠷᠢᠭᠤᠴᠠᠯᠭᠠᠲᠠᠨ︾ ᠤ ᠲᠤᠰᠢᠶᠠᠯ | ᠬᠠᠷᠢᠭᠤᠴᠠᠯᠭ᠎ᠠ ᠶᠢ ᠡᠭᠦᠷᠭᠡᠯᠡᠵᠦ᠂ ᠠᠩᠬᠠᠷᠤᠯ ᠢᠶᠠᠨ ᠲᠥᠪᠯᠡᠷᠡᠭᠦᠯᠦᠨ ᠭᠤᠤᠯᠳᠠᠯᠭ᠎ᠠ ᠶᠢ ᠠᠳᠬᠤᠵᠤ᠂ ᠡᠯ᠎ᠡ | ᠲᠥᠷᠥᠯ ᠤᠨ ᠡᠬᠢ ᠪᠠᠶᠠᠯᠢᠭ ᠢ ᠨᠢᠭᠡᠳᠦᠯᠲᠡᠶ ᠲᠥᠯᠥᠪᠵᠢᠭᠦᠯᠦᠨ ᠲᠣᠬᠢᠷᠠᠭᠤᠯᠵᠤ ᠰᠠᠶᠢᠳᠤᠷ ᠠᠰᠢᠬᠯᠠᠨ᠂ ᠬᠠᠷᠢᠶ᠎ᠠ | ᠣᠷᠣᠨ ᠤ ᠳᠣᠲᠣᠷᠠᠬᠢ ᠡᠯ᠎ᠡ ᠲᠥᠷᠥᠯ ᠤᠨ ᠵᠣᠬᠢᠶᠠᠨ ᠪᠠᠶᠢᠭᠤᠯᠤᠯᠲᠠ ᠶᠢ ᠳᠠᠶᠢᠴᠢᠯᠠᠨ ᠣᠷᠣᠰᠢᠨ ᠠᠮᠢᠳᠦᠷᠠᠬᠤ | ᠣᠷᠴᠢᠨ ᠲᠣᠭᠤᠷᠢᠨ ᠢ ᠴᠡᠭᠴᠡᠯᠡᠨ ᠵᠠᠰᠠᠬᠤ ᠳᠤ ᠣᠷᠣᠯᠴᠠᠭᠤᠯᠪᠠ᠃ ᠲᠣᠰᠬᠤᠨ ᠤ ᠱᠠᠲᠤᠨ ᠤ ᠨᠠᠮ ᠤᠨ ᠵᠣᠬᠢᠶᠠᠨ | ᠪᠠᠶᠢᠭᠤᠯᠤᠯᠲᠠ ᠶᠢᠨ ᠱᠦᠵᠢ ︽ᠬᠤᠰᠢᠭᠤᠴᠢ ᠭᠠᠯᠠᠭᠤ︾ ᠶᠢᠨ ᠲᠤᠰᠢᠶᠠᠯ ᠬᠠᠷᠢᠭᠤᠴᠠᠯᠭ᠎ᠠ ᠶᠢ ᠡᠭᠦᠷᠭᠡᠯᠡᠵᠦ᠂ | ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠲᠠᠶᠢᠴᠢᠨ ᠪᠠᠬᠢᠯᠡᠯᠲᠡ ᠶᠢᠨ ᠦᠢᠯᠡᠳᠦᠯ ᠪᠣᠯᠤᠨ | ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠲᠤᠰ ᠲᠣᠰᠬᠤᠨ ᠤ | ᠣᠨᠴᠠᠯᠢᠭ ᠪᠦᠬᠦᠢ ᠠᠵᠢᠯ ᠤᠨ ᠰᠡᠳᠬᠢᠮᠵᠢ ᠶᠢ ᠲᠠᠰᠤᠷᠠᠯᠲᠠ ᠦᠭᠡᠢ ᠰᠦᠪᠡᠭᠴᠢᠯᠡᠨ ᠲᠡᠭᠦᠯᠳᠡᠷᠵᠢᠭᠦᠯᠵᠠᠢ᠃ | ᠲᠣᠰᠬᠤᠨ ᠤ ᠳᠤᠭᠤᠶᠢᠯᠠᠩ ᠤᠨ ᠨᠠᠮ ᠤᠨ ᠡᠭᠦᠷ ᠤᠨ ᠱᠦᠵᠢ ︽ᠭᠤᠣᠯ ᠬᠦᠴᠦᠨ ᠴᠡᠷᠢᠭ︾ ᠤᠨ ᠲᠤᠰᠢᠶᠠᠯ | ᠬᠠᠷᠢᠭᠤᠴᠠᠯᠭ᠎ᠠ ᠶᠢ ᠡᠭᠦᠷᠭᠡᠯᠡᠵᠦ᠂ ᠨᠠᠮ ᠤᠨ ᠭᠡᠰᠢᠭᠦᠨ ᠤᠯᠠᠨ ᠲᠦᠮᠡᠨ ᠢ ᠢᠳᠡᠪᠬᠢᠲᠡᠢ ᠵᠤᠬᠢᠶᠠᠨ ᠪᠠᠶᠢᠭᠤᠯᠤᠨ | ᠨᠢᠭᠲᠠᠷᠠᠭᠤᠯᠵᠤ᠂ ᠣᠷᠣᠰᠢᠨ ᠠᠮᠢᠳᠦᠷᠠᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠠᠵᠢᠯ ᠤᠨ ︽ᠡᠴᠦᠰ ᠤᠨ | ᠨᠢᠭᠡ ᠺᠢᠯᠦᠮᠧᠲᠷ︾ ᠢ ᠬᠦᠴᠦᠯᠡᠨ ᠨᠡᠪᠲᠡᠷᠡᠭᠦᠯᠪᠡ᠃ ᠬᠠᠷᠢᠶ᠎ᠠ ᠣᠷᠣᠨ ᠤ 8 ᠲᠣᠰᠬᠤᠨ ᠤ ᠬᠤᠭ ᠨᠣᠪᠰᠢ ᠡᠯᠳᠡᠪ | ᠶᠠᠭᠤᠮ᠎ᠠ ᠵᠡᠷᠭᠡ ᠶᠢ ᠪᠦᠬᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ ᠴᠡᠪᠡᠷᠯᠡᠨ ᠲᠡᠭᠡᠭᠡᠪᠦᠷᠢᠯᠡᠵᠦ᠂ ᠨᠠᠮ ᠤᠨ ᠭᠡᠰᠢᠭᠦᠨ | ᠺᠠᠳ᠋ᠷ ᠲᠦᠷᠦᠭᠦᠯᠡᠨ ᠬᠢᠵᠦ᠂ ︽ᠨᠠᠮ ᠤᠨ ᠭᠡᠰᠢᠭᠦᠨ ᠬᠢᠵᠤ᠂ ᠤᠯᠠᠨ ᠲᠦᠮᠡᠨ ᠦᠵᠡᠬᠦ︾ ᠦᠵᠡᠭᠳᠡᠯ ᠢ | ᠦᠨᠳᠦᠰᠦᠨ ᠠᠴᠠ ᠨᠢ ᠰᠢᠢᠳᠪᠦᠷᠢᠯᠡᠪᠡ᠃ | | | ᠨᠠᠮ ᠤᠨ ᠪᠠᠶᠢᠭᠤᠯᠤᠯᠲᠠ + ᠦᠢᠯᠡᠴᠢᠯᠡᠭᠡ᠂ ᠣᠷᠣᠰᠢᠨ ᠠᠮᠢᠳᠦᠷᠠᠬᠤ ᠣᠷᠴᠢᠨ ᠲᠣᠭᠤᠷᠢᠨ ᠰᠢᠨ᠎ᠡ ᠳᠦᠷᠰᠦ | ᠪᠠᠶᠢᠳᠠᠯ ᠢᠶᠠᠷ ᠰᠤᠯᠢᠬᠳᠠᠪᠠ | ᠣᠷᠣᠰᠢᠨ ᠠᠮᠢᠳᠦᠷᠠᠬᠤ ᠣᠷᠴᠢᠨ ᠲᠣᠭᠤᠷᠢᠨ ᠤ ᠳᠤᠲᠠᠭᠤᠳᠠᠯ ᠢ ᠲᠦᠷᠭᠡᠨ ᠨᠥᠬᠦᠪᠥᠷᠢᠯᠡᠵᠦ᠂ ᠦᠵᠡᠰᠬᠦᠯᠡᠩᠲᠦ | ᠰᠠᠶᠢᠬᠠᠨ ᠬᠥᠳᠡᠭᠡ ᠲᠣᠰᠬᠤᠨ ᠤ ᠪᠦᠲᠦᠭᠡᠨ ᠪᠠᠶᠢᠭᠤᠯᠤᠯᠲᠠ᠂ ᠲᠣᠰᠬᠤᠨ ᠤ ᠵᠠᠮ ᠢ ᠬᠠᠲᠠᠭᠤᠷᠠᠭᠤᠯᠬᠤ ᠪᠠ | ᠤᠤᠭᠤᠬᠤ ᠤᠰᠤᠨ ᠤ ᠠᠮᠤᠷ ᠲᠦᠪᠰᠢᠨ ᠢ ᠪᠠᠬᠢᠵᠢᠭᠦᠯᠦᠨ ᠳᠡᠭᠡᠭᠰᠢᠯᠡᠭᠦᠯᠬᠦ ᠢᠨᠵᠧᠨᠧᠷᠢᠩ ᠢ ᠭᠦᠨᠵᠡᠭᠡᠢ | ᠬᠡᠷᠡᠭᠵᠢᠭᠦᠯᠵᠦ᠂ 2021 ᠣᠨ ᠤ 10 ᠰᠠᠷ᠎ᠠ ᠳᠤ ᠡᠬᠢᠯᠡᠬᠦᠯᠦᠭᠰᠡᠨ ᠨᠡᠶᠢᠳᠡ 1100 ᠭᠠᠷᠤᠢ ᠲᠦᠮᠡᠨ ᠲᠦᠬᠦᠷᠢᠭ | ᠤᠨ ᠪᠡᠯᠡ ᠣᠷᠣᠭᠤᠯᠤᠯᠲᠠ ᠲᠠᠢ ᠡᠮᠦᠨ᠎ᠡ ᠫᠠᠢ ᠲᠣᠰᠬᠤᠨ ᠤ ᠡᠮᠦᠨ᠎ᠡ ᠫᠠᠢ ᠶᠢᠨ ᠨᠢᠬᠡᠳᠦᠬᠡᠷ ᠲᠤᠭᠤᠶᠢᠯᠡᠩ ᠤᠨ | ᠤᠷᠤᠰᠢᠨ ᠠᠮᠢᠳᠦᠷᠠᠬᠤ ᠣᠷᠴᠢᠨ ᠲᠣᠭᠤᠷᠢᠨ ᠢ ᠥᠭᠡᠷᠡᠴᠢᠯᠡᠨ ᠰᠠᠶᠢᠵᠢᠷᠠᠭᠤᠯᠬᠤ ᠲᠦᠷᠦᠯ ᠵᠦᠢᠯ ᠢ ᠯᠠᠪᠳᠠᠭᠤᠨ ᠢᠶᠠᠷ | ᠵᠣᠯᠭᠠᠭᠤᠯᠤᠨ ᠠᠬᠢᠭᠤᠯᠵᠤ᠂ ᠭᠠᠵᠠᠷ ᠲᠡᠬᠡᠷᠡᠬᠢ ᠪᠠ ᠭᠠᠵᠠᠷ ᠲᠤᠤᠷᠠᠬᠢ 2.1 ᠲᠦᠮᠡ ᠭᠠᠷᠤᠢ ᠮᠧᠲᠷ ᠤᠰᠤᠨ ᠤ | ᠬᠤᠭᠤᠯᠠᠢ ᠶᠢᠨ ᠲᠤᠤᠷ ᠢ ᠥᠭᠡᠷᠡᠴᠢᠯᠡᠨ ᠵᠠᠰᠠᠵᠤ᠂ 3 ᠲᠦᠮᠡ ᠭᠠᠷᠤᠢ ᠲᠡᠭᠰᠢ ᠳᠥᠷᠪᠡᠯᠵᠢᠨ ᠮᠧᠲᠷ ᠵᠠᠮ ᠤᠨ | ᠭᠠᠳᠠᠷᠭᠤ ᠶᠢ ᠬᠠᠲᠠᠭᠤᠷᠠᠭᠤᠯᠪᠠ᠃ ᠲᠦᠬᠦᠬᠡᠷᠦᠮᠵᠢ ᠶᠢ ᠠᠷᠠᠴᠢᠯᠠᠨ ᠬᠠᠮᠠᠭᠠᠯᠠᠬᠤ᠂ ᠭᠤᠤᠯ ᠤᠨ ᠵᠠᠮ ᠢ ᠬᠠᠮᠢᠶᠠᠷᠴᠤ | ᠬᠠᠮᠠᠭᠠᠯᠠᠬᠤ᠂ ᠨᠣᠭᠤᠭᠠᠷᠠᠭᠤᠯᠵᠤ ᠠᠷᠠᠴᠢᠯᠠᠨ ᠬᠠᠮᠠᠭᠠᠯᠠᠬᠤ᠂ ᠬᠤᠭ ᠨᠣᠪᠰᠢ ᠶᠢ ᠬᠤᠷᠢᠶᠠᠨ ᠲᠡᠭᠡᠭᠡᠪᠦᠷᠢᠯᠡᠬᠦ ᠵᠡᠷᠭᠡ | ᠡᠩᠨᠡᠭᠡ ᠶᠢ ᠪᠠᠶᠢᠭᠤᠯᠵᠤ᠂ ᠣᠷᠣᠰᠢᠨ ᠠᠮᠢᠳᠤᠷᠠᠬᠤ ᠣᠷᠴᠢᠨ ᠨᠥᠬᠦᠴᠡᠯ ᠢ ᠴᠡᠭᠴᠡᠯᠡᠨ ᠵᠠᠰᠠᠬᠤ ᠠᠵᠢᠯ ᠢ | ᠵᠢᠷᠤᠮᠵᠢᠭᠤᠯᠬᠤ᠂ ᠳᠦᠷᠢᠮᠵᠢᠭᠦᠯᠬᠦ᠂ ᠣᠷᠳᠣ ᠬᠤᠭᠤᠴᠠᠭᠠᠨ ᠤ ᠪᠦᠲᠦᠮᠵᠢᠲᠡᠶ ᠪᠠᠶᠢᠬᠤ ᠵᠠᠮ ᠳᠤ ᠤᠷᠤᠭᠤᠯᠵᠤ᠂ | ᠴᠡᠭᠴᠡᠯᠡᠨ ᠵᠠᠰᠠᠬᠤ ᠠᠵᠢᠯ ᠦᠨᠡᠨᠬᠦ ᠦᠷ᠎ᠡ ᠪᠦᠲᠦᠮᠵᠢ ᠤᠯᠬᠤ ᠶᠢ ᠪᠠᠲᠤᠯᠠᠪᠠ᠃ ᠲᠣᠰᠬᠤᠨ ᠤ ᠳᠦᠷᠰᠦ ᠪᠠᠶᠢᠳᠠᠯ ᠢ | ᠪᠦᠬᠦᠯᠢ ᠴᠣᠭᠴᠠ ᠪᠠᠷ ᠨᠢ ᠳᠡᠭᠡᠭᠰᠢᠯᠡᠭᠦᠯᠬᠦ ᠶᠢ ᠠᠬᠢᠭᠤᠯᠵᠤ᠂ ᠪᠦᠬᠦ ᠣᠷᠣᠨ ᠪᠦᠰᠡ ᠶᠢᠨ ᠣᠷᠴᠢᠨ ᠲᠣᠭᠤᠷᠢᠨ ᠤ | ᠡᠷᠡᠭᠦᠯ ᠬᠠᠮᠠᠭᠠᠯᠠᠯ ᠤᠨ ᠶᠡᠭᠡ ᠴᠡᠪᠡᠷᠯᠡᠭᠡ ᠶᠢ 200 ᠭᠠᠷᠤᠢ ᠤᠳᠠᠭ᠎ᠠ ᠥᠷᠨᠢᠭᠦᠯᠵᠦ᠂ ᠲᠤᠮᠤ ᠬᠡᠯᠪᠡᠷᠢ ᠶᠢᠨ ᠮᠠᠰᠢᠨ | ᠮᠧᠬᠠᠨᠢᠭ ᠢ 50 ᠭᠠᠷᠤᠢ / ᠤᠳᠠᠭ᠎ᠠ ᠬᠥᠳᠡᠯᠭᠡᠵᠦ᠂ ᠠᠮᠢᠳᠤᠷᠠᠯ ᠤᠨ ᠬᠤᠭ ᠨᠠᠪᠰᠢ᠂ ᠪᠠᠷᠢᠯᠭ᠎ᠠ ᠶᠢᠨ ᠬᠤᠭ | ᠨᠣᠪᠰᠢ ᠶᠢ 400 ᠭᠠᠷᠤᠢ ᠲᠡᠷᠬᠡ ᠠᠷᠢᠯᠭᠠᠨ ᠴᠡᠪᠡᠷᠯᠡᠵᠦ᠂ ᠡᠭᠦᠳᠡᠨ ᠡᠮᠦᠨ᠎ᠡ ᠪᠠᠨ ᠣᠪᠣᠭᠠᠯᠠᠵᠤ ᠲᠠᠯᠪᠢᠭᠰᠠᠨ | 1100 ᠭᠠᠵᠠᠷ ᠲᠤ ᠲᠥᠪᠯᠡᠷᠡᠭᠦᠯᠦᠨ ᠴᠡᠭᠴᠡᠯᠡᠨ ᠵᠠᠰᠠᠵᠤ᠂ ᠡᠷᠡᠭᠦᠯ ᠬᠠᠮᠠᠭᠠᠯᠠᠯ ᠤᠨ ᠦᠯᠦ ᠤᠨᠤᠬᠳᠠᠬᠤ ᠬᠡᠰᠡᠭ ᠢ | ᠪᠦᠬᠦ ᠬᠦᠴᠦᠨ ᠢᠶᠠᠷ ᠢᠶᠠᠨ ᠴᠡᠪᠡᠷᠯᠡᠨ ᠠᠷᠢᠯᠭᠠᠵᠤ᠂ ︽ᠵᠢᠷᠭᠤᠭᠠᠨ ᠡᠷᠦᠢ ᠬᠤᠷᠤᠢ ᠦᠬᠡᠢ︾ ᠶᠢ ᠴᠡᠭᠴᠡᠯᠡᠨ ᠵᠠᠰᠠᠪᠠ | ᠃ ᠡᠭᠦᠨ ᠤ ᠬᠠᠮᠲᠤ᠂ ᠣᠯᠠᠨ ᠵᠦᠶᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ ᠨᠤᠷᠠᠭᠠᠵᠤ ᠨᠡᠭᠦᠯᠭᠡᠬᠦ ᠣᠷᠣᠨ | ᠪᠦᠰᠡ᠂ ᠰᠤᠯᠠ ᠪᠠᠶᠢᠭ᠎ᠠ ᠬᠤᠭᠤᠰᠣᠨ ᠭᠠᠵᠠᠷ ᠲᠤ ᠬᠤᠭ ᠨᠣᠪᠰᠢ ᠶᠢ ᠰᠡᠮᠡᠬᠡᠷ ᠴᠢᠳᠬᠤᠬᠤ ᠦᠵᠡᠭᠳᠡᠯ ᠢ ᠴᠢᠩᠭ᠎ᠠ | ᠰᠡᠷᠭᠡᠶᠢᠯᠡᠵᠦ᠂ ᠵᠠᠮ ᠡᠵᠡᠯᠡᠨ ᠡᠵᠡᠩᠨᠡᠬᠦ᠂ ᠳᠤᠷ᠎ᠠ ᠪᠠᠷ ᠢᠶᠠᠨ ᠵᠣᠭᠰᠣᠭᠠᠵᠤ ᠳᠤᠷ᠎ᠠ ᠪᠠᠷ ᠢᠶᠠᠨ ᠲᠠᠯᠪᠢᠬᠤ᠂ | ᠳᠤᠷ᠎ᠠ ᠪᠠᠷ ᠢᠶᠠᠨ ᠡᠷᠢᠶᠡᠴᠢᠵᠦ ᠳᠤᠷ᠎ᠠ ᠪᠠᠷ ᠢᠶᠠᠨ ᠵᠢᠷᠤᠬᠤ ᠪᠠ ᠵᠡᠭᠡᠯᠢ ᠳᠠᠭᠠᠤ ᠳᠡᠯᠭᠡᠭᠦᠷ ᠬᠤᠳᠠᠯᠳᠤᠭ᠎ᠠ ᠶᠢᠨ | ᠳᠣᠲᠣᠨ᠎ᠠ ᠭᠠᠳᠠᠨᠠᠬᠢ ᠠᠷᠢᠭᠤᠨ ᠴᠡᠪᠡᠷ ᠪᠤᠰᠤ ᠦᠵᠡᠭᠳᠡᠯ ᠤᠷᠤᠰᠢᠵᠤ ᠪᠠᠶᠢᠬᠰᠠᠨ 900 ᠭᠠᠷᠤᠶ ᠭᠠᠵᠠᠷ ᠲᠤ | ᠴᠢᠩᠭ᠎ᠠ ᠴᠣᠬᠢᠯᠲᠠ ᠦᠭᠴᠦ ᠴᠡᠭᠴᠡᠯᠡᠨ ᠵᠠᠰᠠᠵᠤ᠂ ᠭᠤᠤᠯᠳᠠᠯᠭ᠎ᠠ ᠲᠠᠢ ᠣᠷᠣᠨ ᠪᠦᠰᠡ ᠶᠢᠨ 450 ᠭᠠᠷᠤᠶ ᠭᠠᠵᠠᠷ | ᠲᠤ ᠨᠡᠶᠢᠲᠡ ᠶᠢᠨ ᠠᠰᠠᠷᠠᠮᠵᠢ ᠶᠢᠨ ᠵᠠᠷ ᠢ ᠲᠤᠬᠢᠷᠠᠭᠤᠯᠤᠨ ᠨᠡᠶᠢᠳᠡᠯᠡᠵᠤ᠂ ᠰᠠᠨᠠᠭᠠᠴᠢᠯᠠᠭ᠎ᠠ ᠶᠢᠨ ᠪᠢᠴᠢᠭ ᠪᠠ | ᠪᠠᠶᠢᠴᠠᠭᠠᠯᠲᠠ ᠶᠢᠨ ᠠᠰᠠᠭᠤᠯᠲᠠ ᠶᠢᠨ ᠬᠠᠭᠤᠳᠠᠰᠤ ᠶᠢ 6000 ᠭᠠᠷᠤᠶ ᠬᠤᠪᠢ ᠲᠠᠷᠬᠠᠭᠠᠵᠦ᠂ ᠲᠣᠰᠬᠤᠨ ᠤ | ᠦᠵᠡᠮᠵᠢ ᠳᠦᠷᠰᠦ ᠪᠠᠶᠢᠳᠠᠯ᠂ ᠣᠷᠴᠢᠨ ᠲᠤᠭᠤᠷᠢᠨ ᠤ ᠡᠷᠡᠭᠦᠯ ᠬᠠᠮᠠᠭᠠᠯᠠᠯ ᠢ ᠪᠦᠬᠦᠯᠢ ᠴᠣᠭᠴᠠ ᠪᠠᠷ ᠨᠢ | ᠳᠡᠭᠡᠭᠰᠢᠯᠡᠭᠦᠯᠬᠦ ᠶᠢ ᠬᠦᠴᠦᠲᠡᠶ ᠪᠡᠶᠡᠯᠡᠭᠦᠯᠵᠦ᠂ ᠦᠵᠡᠰᠬᠦᠯᠡᠩᠲᠦ ᠰᠠᠶᠢᠬᠠᠨ ᠪᠥᠭᠡᠳ ᠣᠷᠣᠰᠢᠨ ᠠᠮᠢᠳᠤᠷᠠᠬᠤ ᠳᠤ | ᠲᠣᠬᠢᠷᠠᠮᠵᠢᠲᠠᠶ ᠬᠦᠨᠳᠡᠯᠡᠨ ᠭᠤᠤᠯ ᠪᠠᠯᠭᠠᠰᠤ ᠶᠢ ᠴᠢᠷᠮᠡᠶᠢᠨ ᠪᠠᠶᠢᠭᠤᠯᠪᠠ᠃ | | | ᠨᠠᠮ ᠤᠨ ᠪᠠᠶᠢᠭᠤᠯᠤᠯᠲᠠ + ᠤᠬᠠᠭᠤᠯᠭ᠎ᠠ᠂ ᠣᠯᠠᠨ ᠲᠦᠮᠡᠨ ᠤ ᠬᠦᠴᠦᠨ ᠢ ᠭᠦᠶᠴᠡᠳ ᠳᠠᠶᠢᠴᠢᠯᠠᠪᠠ | ᠬᠤᠷᠠᠯ ᠳᠡᠭᠡᠷ᠎ᠡ ᠶᠠᠷᠢᠬᠤ᠂ ᠸᠢᠴᠡᠲ ᠪᠠᠷ ᠲᠠᠨᠢᠯᠴᠠᠭᠤᠯᠬᠤ᠂ ᠡᠬᠦᠳᠡᠨ ᠳᠤᠨᠢ ᠬᠦᠷᠴᠦ ᠰᠤᠷᠪᠤᠯᠵᠢᠯᠠᠬᠤ᠂ | ᠯᠠᠪᠠᠷ ᠢᠶᠠᠷ ᠬᠠᠰᠬᠢᠷᠬᠤ ᠵᠡᠷᠭᠡ ᠬᠡᠯᠪᠡᠷᠢ ᠪᠠᠷ ᠳᠠᠮᠵᠢᠭᠤᠯᠤᠨ᠂ ᠬᠡᠰᠡᠭ ᠢ ᠳᠠᠭᠠᠭᠠᠴᠢᠯᠠᠭᠰᠠᠨ ᠺᠠᠳ᠋ᠷ᠂ | ᠲᠤᠤᠷᠵᠢᠭᠤᠯᠤᠯᠳᠠ ᠶᠢᠨ ᠠᠵᠢᠯᠳᠠᠨ᠂ ᠨᠡᠶᠢᠭᠡᠮ ᠲᠣᠭᠤᠷᠢᠭ ᠤᠨ ᠺᠠᠳ᠋ᠷ᠂ ᠰᠢᠨ᠎ᠡ ᠴᠠᠭ ᠦᠶ᠎ᠡ ᠶᠢᠨ ᠪᠣᠯᠪᠠᠰᠤᠨ ᠤ | ᠦᠶᠯᠡᠳᠦᠯᠭᠡ ᠶᠢᠨ ᠰᠠᠶᠢᠨ ᠳᠤᠷᠠᠴᠤᠳ ᠵᠡᠷᠭᠡ ᠶᠢ ᠵᠣᠬᠢᠶᠠᠨ ᠪᠠᠶᠢᠭᠤᠯᠵᠤ ᠣᠯᠠᠨ ᠲᠦᠮᠡᠨ ᠳᠤ ᠤᠬᠠᠭᠤᠯᠤᠨ | ᠰᠣᠨᠣᠰᠬᠠᠵᠤ᠂ ᠣᠯᠠᠨ ᠲᠦᠮᠡᠨ ᠳᠤ ᠬᠢᠵᠤ ᠦᠵᠡᠭᠦᠯᠬᠦ᠂ ᠣᠯᠠᠨ ᠲᠦᠮᠡᠨ ᠢ ᠵᠣᠬᠢᠶᠠᠨ ᠪᠠᠶᠢᠭᠤᠯᠵᠤ ᠶᠠᠷᠢᠯᠴᠠᠬᠤ | ᠵᠡᠷᠭᠡ ᠠᠮᠢᠳᠤᠯᠢᠭ ᠰᠢᠨ᠎ᠡ ᠠᠷᠭ᠎ᠠ ᠬᠡᠯᠪᠡᠷᠢ ᠪᠠᠷ᠂ ᠲᠣᠰᠬᠤᠨ ᠤ ᠰᠠᠭᠤᠭᠠᠯᠢ ᠠᠷᠠᠳ ᠲᠤ ᠣᠷᠴᠢᠨ ᠲᠣᠭᠤᠷᠢᠨ ᠤ | ᠠᠷᠢᠭᠤᠨ ᠴᠡᠪᠡᠷ ᠢ ᠴᠡᠭᠴᠡᠯᠡᠨ ᠵᠠᠰᠠᠬᠤ ᠮᠡᠳᠡᠯᠭᠡ ᠪᠠ ᠠᠴᠢ ᠬᠤᠯᠪᠣᠭᠳᠠᠯ ᠢ ᠤᠬᠠᠭᠤᠯᠤᠨ ᠲᠦᠭᠡᠮᠡᠯᠵᠢᠭᠦᠯᠵᠦ᠂ | ᠦᠵᠡᠯ ᠰᠠᠨᠠᠭ᠎ᠠ ᠦᠵᠡᠯᠲᠡ ᠪᠠᠨ ᠬᠤᠪᠢᠷᠠᠭᠤᠯᠬᠤ ᠶᠢ ᠬᠥᠲᠥᠯᠥᠨ ᠵᠢᠯᠣᠭᠤᠳᠴᠤ᠂ ᠣᠷᠣᠰᠢᠨ ᠠᠮᠢᠳᠤᠷᠠᠬᠤ ᠣᠷᠴᠢᠨ | ᠲᠣᠭᠤᠷᠢᠨ ᠢ ᠶᠡᠷᠦᠩᠬᠡᠶᠢᠯᠡᠨ ᠴᠡᠭᠴᠡᠯᠡᠨ ᠵᠠᠰᠠᠬᠤ ᠠᠵᠢᠯ ᠳᠤ ᠢᠳᠡᠪᠬᠢᠲᠡᠶ ᠳᠠᠶᠢᠴᠢᠯᠠᠨ ᠣᠷᠣᠯᠴᠠᠭᠤᠯᠵᠤ᠂ ᠣᠯᠠᠨ | ᠲᠦᠮᠡᠨ ᠢ ᠣᠷᠣᠰᠢᠨ ᠠᠮᠢᠳᠤᠷᠠᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠰᠠᠨ ᠤ ᠠᠰᠢᠭ ᠲᠤᠰᠠ ᠶᠢ | ᠬᠦᠷᠲᠡᠭᠴᠢ ᠮᠥᠷᠲᠡᠭᠡᠨ ᠪᠠᠰᠠ ᠣᠷᠣᠰᠢᠨ ᠠᠮᠢᠳᠤᠷᠠᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠳᠤ | ᠣᠷᠣᠯᠴᠠᠭᠴᠢ ᠪᠤᠯᠭᠠᠵᠠᠢ᠃ ︵ᠢᠷᠡᠯᠲᠡ᠄ ᠬᠦᠨᠳᠡᠯᠡᠨ ᠭᠤᠤᠯ ᠪᠠᠯᠭᠠᠰᠤ︶ |