【ᠮᠠᠨ ᠤ ᠪᠠᠶᠠᠷ ᠤᠨ ᠡᠳᠦᠷ · ᠨᠠᠢᠮᠠᠨ ᠰᠠᠷ᠎ᠠ ᠶᠢᠨ ᠲᠡᠷᠭᠡᠯ ᠪᠠᠶᠠᠷ】ᠤᠷᠠᠯᠢᠭ ᠤᠨ ᠦᠪᠡᠳᠡᠭᠰᠢ ᠨᠠᠶᠢᠷ ᠢᠶᠠᠷ ᠨᠠᠢᠮᠠᠨ ᠰᠠᠷ᠎ᠠ ᠶᠢᠨ ᠲᠡᠷᠭᠡᠯ ᠪᠠᠶᠠᠷ ᠢᠶᠠᠨ ᠤᠬᠳᠤᠨ᠎ᠠ
ᠨᠡᠶᠢᠲᠡᠯᠡᠭᠰᠡᠨ ᠴᠠᠭ᠄
2022/9/8
     ᠳᠤᠮᠳᠠᠳᠤ ᠶᠢᠨ ᠤᠯᠠᠮᠵᠢᠯᠠᠯᠲᠤ ᠰᠣᠶᠣᠯ ᠢ ᠶᠡᠬᠡᠪᠡᠷ ᠪᠠᠳᠠᠷᠠᠭᠤᠯᠵᠤ᠂ ᠨᠠᠢᠮᠠᠨ ᠰᠠᠷ᠎ᠠ ᠶᠢᠨ ᠲᠡᠷᠭᠡᠯ ᠪᠠᠶᠠᠷ ᠢ ᠪᠠᠶᠠᠷᠯᠠᠨ ᠤᠭᠲᠤᠵᠤ᠂ ᠠᠷᠠᠳ ᠣᠯᠠᠨ ᠤ ᠪᠠᠶᠠᠷ ᠤᠨ ᠡᠳᠦᠷ ᠤᠨ ᠰᠣᠶᠣᠯ ᠤᠨ ᠠᠮᠢᠳᠤᠷᠠᠯ ᠢ ᠤᠯᠠᠮ ᠨᠢᠭᠡ ᠠᠯᠬᠤᠮ ᠪᠠᠶᠠᠯᠢᠭᠵᠢᠭᠤᠯᠬᠤ ᠶᠢᠨ ᠲᠥᠯᠥᠭᠡ᠂ ᠣᠶᠢᠷ᠎ᠠ ᠳᠤ᠂ ᠬᠥᠨᠳᠡᠯᠡᠨ ᠲᠣᠭᠤᠷᠢᠭ ᠤᠨ ᠰᠣᠶᠣᠯ ᠤᠨ ᠣᠷᠳᠣᠨ ᠤ ᠶᠡᠷᠦᠩᠬᠡᠶ ᠣᠷᠳᠣᠨ ᠤ ᠨᠦᠬᠦᠷᠯᠡᠯ ᠵᠡᠭᠡᠯᠢ ᠭᠤᠳᠤᠮᠵᠢ ᠶᠢᠨ ᠬᠤᠪᠢᠶᠠᠷᠢ ᠣᠷᠳᠣᠨ ᠠᠷᠪᠠᠨ ᠳᠥᠷᠪᠡᠳᠦᠭᠡᠷ ᠬᠤᠭᠤᠴᠠᠭᠠᠨ ᠤ ᠪᠠᠭ᠋ᠠᠷᠤᠯᠳᠤ ᠬᠦᠨᠳᠡᠯᠡᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠤᠨ ᠨᠠᠶᠢᠷ ᠤᠨ ︽ᠨᠠᠮ ᠤᠨ ᠬᠤᠷᠢᠳᠤᠭᠠᠷ ᠶᠡᠭᠡ ᠬᠤᠷᠠᠯ ᠢ ᠪᠠᠶᠠᠷᠯᠠᠨ ᠤᠭᠲᠤᠵᠤ᠂ ᠰᠢᠨ᠎ᠡ ᠠᠶᠠᠨ ᠳᠠᠭᠠᠨ ᠡᠷᠡᠯᠬᠡᠭᠯᠡᠨ ᠤᠷᠤᠭᠰᠢᠯᠠᠵᠤ᠂ ᠰᠠᠷᠠᠨ ᠲᠡᠷᠭᠡᠯᠰᠢᠬᠦ ᠪᠠᠷ ᠨᠠᠶᠢᠷ ᠰᠡᠳᠬᠢᠯᠬᠡ ᠪᠠᠷ ᠴᠠᠯᠬᠢᠯᠠᠨᠠᠮ︾ ᠨᠠᠢᠮᠠᠨ ᠰᠠᠷ᠎ᠠ ᠶᠢᠨ ᠲᠡᠷᠭᠡᠯ ᠪᠠᠶᠠᠷ ᠤᠨ ᠤᠷᠠᠨ ᠰᠠᠶᠢᠬᠠᠨ ᠤ ᠦᠳᠡᠰᠢᠯᠡᠭᠡ ᠡᠷᠭᠢᠯᠡᠪᠡ᠃
     ᠦᠳᠡᠰᠢᠯᠡᠭᠡ ᠨᠢ ︽ᠪᠢ ᠡᠬᠡ ᠤᠯᠤᠰ ᠲᠠᠢ ᠪᠠᠨ︾  ᠬᠡᠬᠦ ᠡᠬᠢᠯᠠᠯᠳᠠ ᠶᠢᠨ ᠪᠥᠵᠢᠭ ᠢᠶᠠᠷ ᠬᠥᠰᠢᠭᠡ ᠪᠠᠨ ᠰᠡᠬᠦᠵᠤ᠂ ᠢᠷᠠᠭᠤ ᠬᠦᠭᠵᠢᠮ ᠢ ᠲᠠᠭᠠᠵᠤ ᠨᠠᠬᠢᠯᠵᠠᠨ ᠪᠦᠵᠢᠭᠯᠡᠬᠦ ᠨᠢ ᠬᠦᠮᠦᠰ ᠲᠤ ᠨᠠᠢᠮᠠᠨ ᠰᠠᠷ᠎ᠠ ᠶᠢᠨ ᠲᠡᠷᠬᠡᠯ ᠪᠠᠶᠠᠷ ᠤᠨ ᠴᠢᠨᠠᠳᠤᠬᠢ ᠰᠠᠨᠠᠭ᠎ᠠ ᠠᠬᠤᠶ ᠶᠢ ᠮᠡᠳᠡᠷᠡᠬᠦᠯᠦᠨ᠂ ᠦᠵᠡᠭᠴᠢᠳ ᠤᠨ ᠬᠠᠯᠠᠭᠤᠨ ᠠᠯᠠᠭ᠎ᠠ ᠲᠡᠰᠢᠯᠲᠡ ᠶᠢ ᠤᠯᠪᠠ᠃  
     ᠲᠠᠷᠠᠭ᠎ᠠ ᠨᠢ ᠭᠤᠴᠣᠯᠠᠯ ᠳᠠᠭᠤᠤ ︽ᠨᠡᠷᠡᠨ ᠭᠡᠷᠡᠯᠲᠦ ᠵᠠᠮ ᠳᠡᠭᠡᠷ᠎ᠡ︾ ᠶᠢ ᠬᠠᠩᠭᠢᠨᠠᠲᠠᠯ᠎ᠠ ᠳᠠᠭᠤᠯᠠᠵᠤ᠂ ᠪᠥᠵᠢᠭ ︽ᠵᠣᠯ ᠵᠢᠷᠭᠠᠯᠲᠤ ᠳᠤᠮᠳᠠᠳᠤ ᠤᠯᠤᠰ ᠬᠠᠮᠲᠤ ᠪᠠᠷ ᠤᠷᠤᠭᠰᠢᠯᠠᠶ᠎ᠠ︾  ᠨᠢ ᠲᠡᠭᠵᠢᠨ ᠴᠤᠪᠤᠭᠤᠯᠢᠭ ᠪᠠᠶᠢᠵᠤ ᠂ ᠰᠢᠯᠦᠭ ︽ᠢᠯᠠᠯᠲᠠ ᠣᠯᠤᠭᠰᠠᠨ ᠤ ᠳᠠᠷᠠᠭᠠᠬᠢ ᠳᠠᠬᠢᠨ ᠠᠭᠤᠯᠵᠠᠯᠲᠠ︾  ᠨᠢ ᠤᠶᠠᠩᠭ᠎ᠠ ᠰᠡᠳᠬᠢᠯᠬᠡ ᠪᠠᠷ ᠪᠢᠯᠠᠬᠵᠤ᠂ ᠨᠠᠢᠮᠠᠨ ᠰᠠᠷ᠎ᠠ ᠶᠢᠨ ᠲᠡᠷᠬᠡᠯ ᠪᠠᠶᠠᠷ ᠲᠤ ᠬᠢᠵᠠᠭᠠᠯᠠᠰᠢ ᠦᠭᠡᠶ ᠰᠢᠯᠦᠭ ᠤᠨ ᠰᠠᠨᠠᠭ᠎ᠠ ᠵᠢᠷᠤᠭ ᠤᠨ ᠤᠳᠬ᠎ᠠ ᠶᠢ ᠨᠡᠮᠡᠷᠢᠯᠡᠵᠦ᠂ ᠠᠷᠠᠳ ᠣᠯᠠᠨ ᠤ ᠡᠬᠡ ᠤᠯᠤᠰ ᠢᠶᠠᠨ ᠮᠠᠭᠲᠠᠨ ᠳᠠᠭᠤᠯᠠᠭᠰᠠᠨ᠂ ᠨᠤᠲᠤᠭ ᠤᠰᠤ ᠪᠠᠨ ᠬᠡᠰᠡᠨ ᠬᠢᠵᠠᠭᠠᠯᠠᠰᠢ ᠦᠬᠡᠢ ᠬᠠᠶᠢᠷ᠎ᠠ ᠰᠡᠳᠬᠢᠯᠭᠡ ᠶᠢ ᠢᠯᠡᠳᠬᠡᠭᠰᠡᠨ ᠪᠠᠶᠢᠨ᠎ᠠ᠃
   ᠤᠶᠢᠷ᠎ᠠ ᠶᠢᠨ ᠵᠢᠯ ᠠᠴᠠ᠂ ᠬᠥᠨᠳᠡᠯᠡᠨ ᠲᠣᠭᠤᠷᠢᠭ ᠤᠨ ᠰᠣᠶᠣᠯ ᠤᠨ ᠣᠷᠳᠣᠨ ᠤ ᠶᠡᠷᠦᠩᠬᠡᠢ ᠣᠷᠳᠣᠨ ᠴᠠᠭᠠᠨ ᠰᠠᠷ᠎ᠠ᠂ ᠲᠠᠪᠤᠨ ᠰᠠᠷ᠎ᠠ ᠶᠢᠨ ᠰᠢᠨ᠎ᠡ ᠶᠢᠨ ᠲᠠᠪᠤᠨ᠂ ᠨᠠᠢᠮᠠᠨ ᠰᠠᠷ᠎ᠠ ᠶᠢᠨ ᠲᠡᠷᠭᠡᠯ ᠪᠠᠶᠠᠷ ᠵᠡᠷᠭᠡ ᠳᠤᠮᠳᠠᠳᠤ ᠶᠢᠨ ᠤᠯᠠᠮᠵᠢᠯᠠᠯᠲᠤ ᠪᠠᠶᠠᠷ ᠤᠨ ᠡᠳᠦᠷ ᠤᠨ ᠬᠤᠭᠤᠴᠠᠭᠠᠨ ᠳᠤ ︽ᠮᠠᠨ ᠤ ᠪᠠᠶᠠᠷ ᠤᠨ ᠡᠳᠦᠷ︾ ᠭᠡᠬᠦ ᠭᠤᠣᠯ ᠰᠡᠳᠦᠪᠲᠦ ᠠᠵᠢᠯᠯᠠᠭ᠎ᠠ ᠶᠢ ᠢᠳᠡᠪᠬᠢᠲᠡᠢ ᠥᠷᠨᠢᠭᠦᠯᠵᠦ᠂ ᠤᠯᠠᠨ ᠲᠦᠮᠡᠨ ᠢ ᠬᠦᠳᠦᠯᠦᠨ ᠵᠢᠯᠣᠭᠤᠳᠴᠤ ᠵᠥᠪ ᠲᠡᠦᠬᠡ ᠶᠢᠨ ᠦᠵᠡᠯᠲᠡ᠂ ᠦᠨᠳᠦᠰᠦᠲᠡᠨ ᠤ ᠦᠵᠡᠯᠲᠡ᠂ ᠰᠣᠶᠣᠯ ᠤᠨ ᠦᠵᠡᠯᠲᠡ ᠲᠠᠢ ᠪᠣᠯᠭᠠᠵᠤ᠂ ᠳᠤᠮᠳᠠᠳᠤ ᠶᠢᠨ ᠤᠯᠠᠮᠵᠢᠯᠠᠯᠲᠤ ᠪᠠᠶᠠᠷ ᠤᠨ ᠡᠳᠦᠷ ᠢ ᠤᠯᠤᠰ ᠢᠶᠠᠨ ᠬᠠᠶᠢᠷᠠᠯᠠᠬᠤ ᠪᠠᠶᠠᠷ ᠤᠨ ᠡᠳᠦᠷ᠂ ᠰᠣᠶᠣᠯ ᠤᠨ  ᠪᠠᠶᠠᠷ ᠤᠨ ᠡᠳᠦᠷ᠂ ᠪᠣᠯᠪᠠᠰᠤᠨ ᠤ ᠪᠠᠶᠠᠷ ᠤᠨ ᠡᠳᠦᠷ ᠪᠣᠯᠭᠠᠵᠤ᠂ ᠤᠯᠠᠨ ᠲᠦᠮᠡᠨ ᠤ ᠤᠯᠤᠰ ᠢᠶᠠᠨ ᠬᠠᠶᠢᠷᠠᠯᠠᠬᠤ ᠬᠠᠶᠢᠷ᠎ᠠ ᠰᠡᠳᠬᠢᠯᠭᠡ ᠶᠢ ᠤᠯᠠᠮ ᠴᠢᠨᠠᠭᠰᠢᠳᠠ ᠨᠡᠡᠮᠭᠳᠡᠬᠦᠯᠵᠤ᠂ ᠤᠯᠠᠮᠵᠢᠯᠠᠯᠲᠤ ᠰᠣᠶᠣᠯ ᠢ ᠥᠷᠭᠡᠨ ᠤᠯᠠᠨ ᠠᠷᠠᠳ ᠲᠦᠮᠡᠨ ᠤ ᠰᠡᠳᠬᠢᠯ ᠳᠤ ᠭᠦᠨ ᠬᠠᠳᠠᠩᠰᠢᠭᠤᠯᠪᠠ᠃ ︵ᠢᠷᠡᠯᠲᠡ᠄ ᠲᠣᠭᠤᠷᠢᠭ ᠤᠨ ᠰᠣᠶᠣᠯ ᠤᠨ ᠣᠷᠳᠣᠨ︶  
 
ᠢᠷᠡᠯᠲᠡ᠄ ᠬᠦᠨᠳᠡᠯᠡᠨ ᠲᠣᠭᠤᠷᠢᠭ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号