ᠳᠤᠮᠳᠠᠳᠤ ᠤᠯᠤᠰ ᠤᠨ ᠤᠨᠲᠠᠯᠭ᠎ᠠ ᠶᠢᠨ ᠰᠤᠳᠤᠯᠭᠠᠨ ᠤ ᠨᠡᠶᠢᠭᠡᠮᠯᠢᠭ ᠤᠨ ᠨᠡᠶᠢᠲᠡᠯᠡᠭᠰᠡᠨ ᠲᠤᠭ᠎ᠠ | ᠪᠠᠷᠢᠮᠲᠠ ᠠᠴᠠ ᠦᠵᠡᠪᠡᠯ᠂ ᠳᠤᠮᠳᠠᠳᠤ ᠤᠯᠤᠰ ᠤᠨ ᠨᠠᠰᠤᠨ ᠳᠤ ᠭᠦᠷᠦᠭᠰᠡᠳ ᠤᠨ ᠨᠦᠢᠷ ᠬᠤᠯᠵᠢᠬᠤ ᠨᠣᠷᠮ᠎ᠠ | 38.2% ᠬᠦᠷᠴᠡᠶ᠃ | ᠨᠦᠢᠷ ᠬᠤᠯᠵᠢᠪᠠᠯ ᠶᠠᠭᠠᠬᠢᠬᠤ ᠪᠤᠢ︖ ᠬᠡᠷᠬᠢᠨ ᠲᠦᠷᠭᠡᠨ ᠤᠨᠲᠠᠬᠤ ᠪᠣᠢ︖ | ᠨᠡᠶᠢᠰᠯᠡᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠪᠡᠭᠡᠵᠢᠩ ᠤᠨ ᠠᠨ ᠵᠧᠨ | ᠡᠮᠨᠡᠯᠭᠡ ᠶᠢᠨ ᠬᠤᠷᠢᠶᠠᠨ ᠤ ᠤᠨᠲᠠᠯᠭ᠎ᠠ ᠶᠢᠨ ᠠᠨᠠᠭᠠᠬᠤ ᠤᠬᠠᠭᠠᠨ ᠤ ᠲᠥᠪ ᠤᠨ ᠳᠡᠳ᠋ ᠡᠷᠬᠢᠯᠡᠭᠴᠢ ᠡᠮᠴᠢ ᠰᠢ ᠰᠢᠨ | ᠢᠯᠡᠷᠬᠡᠶᠢᠯᠡᠬᠦ ᠳᠡᠭᠡᠨ᠂ ᠨᠦᠢᠷ ᠬᠤᠯᠵᠢᠬᠤ ᠶᠢ ᠵᠠᠭᠠᠭᠯᠠᠨ ᠲᠣᠭᠲᠠᠭᠠᠬᠤ ᠲᠦᠢᠯ ᠤᠨ ᠴᠢᠩᠭ᠎ᠠ ᠪᠠᠷᠢᠮᠵᠢᠶ᠎ᠠ ᠲᠠᠢ | ᠪᠠᠶᠢᠳᠠᠭ᠂ ᠰᠠᠶᠢᠨ ᠰᠠᠶᠢᠬᠠᠨ ᠤᠨᠲᠠᠯᠭ᠎ᠠ ᠶᠢᠨ ᠣᠷᠴᠢᠨ ᠨᠥᠬᠦᠴᠡᠯ ᠲᠠᠢ ᠪᠠᠶᠢᠬᠤ ᠤᠷᠢᠲᠠᠯ ᠲᠤᠤᠷ᠎ᠠ᠂ 30 ᠮᠢᠨᠦ᠋ᠲ | ᠦᠩᠭᠡᠷᠡᠳᠡᠯ᠎ᠡ ᠤᠨᠳᠠᠵᠦ ᠲᠡᠶᠢᠯᠬᠦ ᠦᠬᠡᠢ ᠪᠠᠶᠢᠬᠤ᠂ ᠤᠨᠲᠠᠬᠤ ᠨᠢ ᠰᠡᠷᠭᠡᠭ ᠠᠮᠠᠷᠬᠠᠨ ᠰᠡᠷᠢᠬᠦ᠂ ᠤᠨᠲᠠᠬᠤ ᠴᠠᠭ ᠨᠢ | ᠣᠬᠤᠷ ᠪᠠᠶᠢᠬᠤ ᠡᠪᠡᠳᠴᠢᠨ ᠤ ᠢᠯᠡᠷᠡᠯ ᠭᠠᠷᠪᠠᠯ ᠰᠠᠶ᠋ᠢ ᠨᠦᠢᠷ ᠬᠤᠯᠵᠢᠭᠰᠠᠨ ᠢᠶᠠᠷ ᠣᠨᠣᠰᠢᠯᠠᠵᠤ ᠪᠤᠯᠤᠨ᠎ᠠ᠃ | | | ᠬᠡᠷᠪᠡ ᠨᠦᠢᠷ ᠬᠤᠯᠵᠢᠬᠤ ᠪᠠᠶᠢᠳᠠᠯ ᠢᠯᠡᠷᠡᠭᠰᠡᠨ ᠪᠣᠯᠪᠠᠴᠤ ᠮᠥᠨ ᠯᠡ ᠣᠷᠣᠨ ᠳᠡᠭᠡᠷ᠎ᠡ ᠪᠠᠨ ᠬᠡᠪᠲᠡᠭᠡᠳ | ᠥᠪᠡᠷ ᠢ ᠪᠠᠨ ᠠᠯᠪᠠᠳᠠᠵᠤ ᠪᠠᠶᠢᠭᠠᠳ ᠤᠨᠲᠠᠭᠤᠯᠪᠠᠯ᠂ ᠮᠠᠰᠢ ᠶᠡᠭᠡ ᠳᠠᠷᠤᠯᠲᠠ ᠲᠠᠢ ᠪᠣᠯᠤᠨ᠎ᠠ᠃ ᠡᠩ ᠤᠨ | ᠪᠠᠶᠢᠳᠠᠯ ᠳᠤ᠂ ᠬᠡᠷᠪᠡ ᠬᠠᠭᠠᠰ ᠴᠠᠭ ᠢᠯᠡᠭᠦᠦ ᠬᠡᠪᠲᠡᠭᠡᠳ ᠪᠠᠰᠠ ᠤᠨᠲᠠᠵᠤ ᠣᠷᠣᠬᠤ ᠦᠭᠡᠢ ᠪᠣᠯ ᠪᠣᠰᠬᠤ ᠶᠢ | ᠰᠠᠨᠠᠭᠤᠯᠤᠶ᠎ᠠ᠃ ᠪᠢᠳᠡ ᠤᠨᠲᠠᠬᠤ ᠪᠠ ᠣᠷᠣ ᠶᠢᠨ ᠬᠤᠭᠤᠷᠣᠨᠳᠣᠬᠢ ᠪᠣᠯᠵᠣᠯᠳᠤ ᠣᠶᠢᠯᠲᠠ ᠶᠢ ᠪᠣᠢ ᠪᠣᠯᠭᠠᠵᠤ᠂ | ᠨᠦᠢᠷ ᠬᠦᠷᠬᠦ ᠦᠶ᠎ᠡ ᠳᠤ ᠨᠣᠶᠢᠷᠰᠤᠬᠤ ᠬᠡᠷᠡᠭᠲᠡᠢ᠂ ᠡᠰᠡ ᠲᠡᠭᠡᠪᠡᠯ ᠣᠷᠣᠨ ᠳᠡᠭᠡᠷ᠎ᠡ ᠪᠠᠨ ᠠᠯᠪᠠᠳᠠᠯᠭ᠎ᠠ ᠪᠠᠷ | ᠬᠡᠪᠲᠡᠵᠦ ᠪᠣᠯᠬᠤ ᠦᠭᠡᠢ᠂ ᠡᠭᠦᠨ ᠤ ᠬᠠᠮᠲᠤ ᠤᠨᠲᠠᠬᠤ ᠲᠠᠢ ᠬᠠᠮᠢᠶ᠎ᠠ ᠦᠭᠡᠢ ᠶᠠᠪᠤᠳᠠᠯ ᠢ ᠬᠢᠵᠦ ᠪᠣᠯᠬᠤ ᠦᠭᠡᠢ᠂ | ᠵᠢᠱᠢᠶᠡᠯᠡᠪᠡᠯ ᠭᠠᠷ ᠤᠲᠠᠰᠤ ᠨᠠᠭᠠᠳᠴᠣ ᠪᠤᠯᠬᠤ ᠦᠬᠡᠢ᠂ ᠶᠠᠭᠤᠮ᠎ᠠ ᠢᠳᠡᠵᠦ ᠪᠣᠯᠬᠤ ᠦᠭᠡᠢ ᠭᠡᠵᠠᠢ᠃ | ᠨᠦᠢᠷ ᠬᠤᠯᠵᠢᠬᠤ ᠦᠶ᠎ᠡ ᠳᠤ ᠣᠯᠠᠩᠬᠢ ᠬᠥᠮᠦᠰ ᠬᠤᠨᠢ ᠲᠤᠭᠠᠯᠠᠳᠠᠭ᠃ ᠦᠨᠡᠨ ᠳᠡᠭᠡᠨ ᠬᠤᠨᠢ | ᠲᠣᠭᠠᠯᠠᠬᠤ ᠨᠢ ᠬᠥᠮᠦᠰ ᠲᠤ ᠤᠯᠠᠮ ᠢᠯᠡᠬᠦᠤ ᠪᠠᠴᠢᠮᠳᠠᠬᠤ ᠰᠡᠳᠬᠢᠯᠭᠡ ᠶᠢ ᠠᠪᠴᠢᠷᠠᠵᠤ᠂ ᠨᠦᠢᠷ ᠬᠤᠯᠵᠢᠬᠤ ᠶᠢ | ᠬᠦᠨᠳᠦᠷᠡᠭᠦᠯᠦᠨ᠎ᠡ᠃ ᠰᠢ ᠰᠢᠨ ᠵᠢᠭᠠᠬᠤ ᠳᠠᠭᠠᠨ᠂ ᠬᠠᠶᠠ ᠨᠦᠢᠷ ᠬᠤᠯᠵᠢᠬᠤ ᠨᠢ ᠬᠥᠮᠦᠨ ᠤ ᠪᠡᠶ᠎ᠡ ᠳᠤ ᠲᠡᠶᠢᠮᠦ | ᠶᠡᠭᠡ ᠨᠥᠯᠥᠭᠡ ᠪᠣᠯᠬᠤ ᠥᠬᠡᠶ᠂ ᠡᠶᠢᠮᠦ ᠠᠴᠠ ᠰᠠᠨᠠᠭᠠᠨ ᠳᠠᠭᠠᠨ ᠠᠪᠤᠭᠰᠠᠨ ᠤ ᠬᠡᠷᠡᠭ ᠥᠬᠡᠶ᠃ ᠬᠡᠷᠪᠡ ᠨᠦᠢᠷ | ᠬᠤᠯᠵᠢᠬᠤ ᠳᠤ ᠬᠡᠲᠦᠷᠬᠡᠶ ᠰᠠᠨᠠᠭ᠎ᠠ ᠵᠣᠪᠠᠪᠠᠯ᠂ ᠭᠡᠳᠡᠷᠭᠦ ᠪᠠᠨ ᠦᠷᠭᠦᠯᠵᠢᠯᠡᠨ ᠨᠦᠢᠷ ᠬᠤᠯᠵᠢᠵᠤ᠂ ᠬᠤᠤᠷ ᠬᠥᠨᠥᠭᠡᠯ | ᠤᠴᠠᠷᠠᠭᠤᠯᠬᠤ ᠪᠣᠯᠤᠨ᠎ᠠ᠃ | ᠡᠶᠢᠮᠤ ᠨᠢᠭᠡᠨ ᠬᠥᠳᠡᠯᠭᠡᠭᠡᠨ ᠲᠠᠨ ᠢ ᠬᠤᠷᠳᠤᠨ ᠤᠨᠲᠠᠭᠤᠯᠤᠨ᠎ᠠ | ᠰᠢᠭᠡᠵᠡᠶ ᠬᠤᠷᠤᠭᠤ ᠪᠠᠷ ᠢᠶᠠᠨ ᠴᠢᠬᠢᠨ ᠤᠨᠵᠢᠯᠭ᠎ᠠ ᠶᠢ ᠲᠠᠷᠤᠵᠦ᠂ ᠪᠤᠰᠤᠳ ᠬᠡᠳᠦᠨ ᠬᠤᠷᠤᠭᠤ ᠪᠠᠨ | ᠠᠶᠠᠨᠳᠠᠭᠠᠨ ᠰᠤᠯᠠ ᠲᠠᠯᠪᠢᠨ᠎ᠠ᠂ ᠡᠨᠡ ᠦᠶ᠎ᠡ ᠳᠤ ᠳᠤᠮᠳᠠ ᠬᠤᠷᠤᠭᠤ ᠴᠢᠨᠢ ᠤᠨᠲᠠᠭᠤᠯᠬᠤ ᠪᠠᠯᠴᠢᠷ ᠢ ᠳᠠᠷᠤᠬᠤ | ᠪᠣᠯᠬᠤᠷ ᠤᠨᠲᠠᠭᠤᠯᠬᠤ ᠪᠠᠯᠴᠢᠷ ᠨᠢ ᠱᠠᠷᠬᠢᠷᠠᠵᠤ ᠴᠢᠨᠦᠷᠡᠬᠦ ᠮᠡᠲᠦ ᠰᠠᠨᠠᠭᠳᠠᠵᠤ᠂ ᠵᠢᠭᠠᠬᠠᠨ ᠳᠠᠷᠤᠭᠰᠠᠨ ᠤ ᠳᠠᠷᠠᠭ᠎ᠠ | ᠨᠤᠶᠢᠷ ᠬᠦᠷᠴᠦ ᠡᠬᠢᠯᠡᠳᠡᠭ ᠶᠤᠮ ᠭᠡᠵᠠᠢ᠃ | | |