︽ᠳᠤᠮᠳᠠᠳᠤ ᠤᠯᠤᠰ ᠤᠨ ᠴᠢᠰᠤᠨ ᠤ ᠤᠭᠤᠷᠠᠭ ᠤᠨ ᠵᠢᠭᠠᠯᠲᠠ ᠳᠤᠭ᠎ᠠ ︵2023 ᠣᠨ︶︾ ᠠᠴᠠ | ᠦᠵᠡᠪᠡᠯ᠂ ᠮᠠᠨ ᠤ ᠤᠯᠤᠰ ᠤᠨ ᠭᠤᠷᠪᠠᠨ ᠤ ᠨᠢᠭᠡ ᠢᠯᠡᠬᠦᠦ ᠶᠢᠨ ᠨᠠᠰᠤᠨ ᠳᠤ ᠬᠦᠷᠦᠭᠰᠡᠳ ᠤᠨ ᠴᠢᠰᠤᠨ ᠤ ᠥᠭᠡᠬᠦ | ᠪᠦᠷ ᠬᠡᠪ ᠤᠨ ᠪᠤᠰᠤ ᠪᠠᠶᠢᠳᠠᠯ ᠲᠠᠢ ᠪᠠᠶᠢᠨ᠎ᠠ᠃ | ᠴᠢᠰᠤᠨ ᠤ ᠥᠭᠡᠬᠦ ᠤᠭᠤᠷᠠᠭ ᠬᠡᠪ ᠤᠨ ᠪᠤᠰᠤ ᠪᠤᠯᠪᠠᠯ ᠡᠶᠢᠮᠦ 5 ᠵᠦᠢᠯ ᠤᠨ ᠪᠠᠶᠢᠳᠠᠯ ᠢᠯᠡᠷᠡᠨ᠎ᠡ᠃ | 1. ᠰᠢᠷᠠᠩᠭᠤᠢ ᠪᠡᠳᠡᠬᠢ ᠭᠠᠷᠬᠤ᠃ ᠨᠢᠳᠦ᠂ ᠭᠠᠷ ᠤᠨ ᠲᠣᠬᠤᠢ᠂ ᠪᠣᠷᠪᠢ ᠵᠡᠷᠭᠡ ᠳᠤ ᠲᠤᠲᠤᠷᠭ᠎ᠠ ᠶᠢᠨ | ᠮᠥᠬᠦᠯᠢᠭ ᠤᠨ ᠬᠢᠷᠢ ᠲᠠᠢ ᠰᠢᠷᠠᠩᠭᠤᠢ ᠪᠡᠲᠡᠭᠢ ᠭᠠᠷᠴᠦ᠂ ᠡᠪᠡᠳᠬᠦ ᠦᠭᠡᠢ ᠵᠠᠭᠠᠲᠤᠨᠠᠬᠤ ᠴᠤ ᠦᠭᠡᠢ ᠪᠠᠶᠢᠳᠠᠭ᠃ | ᠡᠨᠡ ᠪᠡᠳᠡᠬᠢ ᠪᠣᠯ ᠥᠭᠡᠬᠦ ᠤᠭᠤᠷᠠᠭ ᠠᠷᠠᠰᠤᠨ ᠳᠣᠣᠷ᠎ᠠ ᠣᠪᠣᠭᠠᠷᠠᠵᠤ ᠪᠣᠢ ᠪᠣᠯᠤᠭᠰᠠᠨ ᠪᠥᠭᠡᠳ ᠣᠯᠠᠩᠬᠢ ᠳᠠᠭᠠᠨ | ᠴᠢᠰᠤ ᠥᠭᠡᠬᠦᠯᠡᠭᠰᠡᠨ ᠠᠴᠠ ᠪᠤᠯᠳᠠᠭ᠃ | 2. ᠰᠢᠷ᠎ᠠ ᠲᠣᠯᠪᠤ ᠠᠷᠪᠢᠳᠠᠬᠤ᠃ ᠣᠬᠤᠷ ᠬᠤᠭᠤᠴᠠᠭᠠᠨ ᠳᠤ ᠨᠢᠭᠤᠷ ᠬᠠᠴᠠᠷ᠂ ᠭᠠᠷ ᠤᠨ ᠬᠤᠷᠤᠭᠤ ᠳᠡᠭᠡᠷ᠎ᠡ | ᠨᠡᠯᠢᠶᠡᠳ ᠣᠯᠠᠨ ᠵᠢᠵᠢᠭ ᠰᠢᠷ᠎ᠠ ᠲᠣᠯᠪᠤ ᠢᠯᠡᠷᠡᠵᠦ᠂ ᠨᠠᠰᠣᠳᠠᠶᠢᠴᠤᠳ ᠤᠨ ᠲᠣᠯᠪᠤ ᠶᠢ ᠪᠣᠳᠣᠪᠠᠯ ᠠᠷᠠᠢ ᠳᠣᠮᠣ᠂ | ᠥᠩᠭᠡ ᠨᠢ ᠨᠡᠯᠢᠶᠡᠳ ᠭᠦᠨ ᠪᠠᠶᠢᠳᠠᠭ᠂ ᠡᠨᠡ ᠨᠢ ᠮᠦᠨ ᠯᠠ ᠴᠢᠰᠤ ᠥᠭᠡᠬᠦᠯᠡᠭᠰᠡᠨ ᠠᠴᠠ ᠪᠤᠯᠤᠬᠰᠠᠨ ᠶᠤᠮ᠃ | 3. ᠬᠥᠯ ᠪᠠᠳᠠᠶᠢᠷᠠᠵᠦ᠂ ᠬᠠᠶᠠ ᠳᠣᠭᠤᠯᠳᠠᠬᠤ᠃ ᠢᠳᠡᠷ ᠪᠠ ᠦᠳᠡᠯᠦᠬᠡ ᠨᠠᠰᠤᠨ ᠤ ᠬᠥᠮᠥᠰ ᠬᠥᠯ ᠤᠨ | ᠰᠢᠷᠪᠦᠰᠦ ᠨᠢ ᠲᠠᠲᠠᠬᠤ᠂ ᠰᠢᠯᠪᠢ ᠨᠢ ᠵᠢᠩᠭᠢᠨᠡᠬᠦ᠂ ᠪᠠᠳᠠᠶᠢᠷᠠᠬᠤ ᠵᠡᠷᠭᠡ ᠪᠠᠶᠢᠳᠠᠯ ᠢᠯᠡᠷᠡᠪᠡᠯ ᠺᠠᠯᠼ ᠳᠤᠲᠠᠭᠰᠠᠨ ᠠᠴᠠ | ᠪᠣᠯᠣᠯ᠎ᠠ ᠭᠡᠵᠦ ᠪᠣᠳᠣᠳᠠᠭ᠃ ᠦᠨᠡᠨ ᠳᠡᠭᠡᠨ ᠡᠨᠡ ᠨᠢ ᠰᠥᠰᠥᠨ ᠤ ᠭᠤᠨᠠᠨ ᠠᠯᠺᠣᠣᠯ ᠪᠤᠯᠴᠢᠩ ᠳᠤ ᠬᠤᠷᠠᠵᠤ᠂ | ᠪᠤᠯᠴᠢᠩ ᠤᠨ ᠠᠪᠴᠢᠯᠲᠠ ᠳᠤ ᠰᠡᠳᠦᠯᠲᠡ ᠦᠭᠬᠦᠭᠰᠡᠨ ᠠᠴᠠ ᠪᠣᠯᠵᠤ ᠬᠥᠯ ᠤᠨ ᠰᠢᠷᠪᠦᠰᠦ ᠲᠠᠲᠠᠵᠤ᠂ | ᠠᠯᠬᠤᠬᠤ ᠳᠤ ᠳᠣᠭᠤᠯᠵᠤ ᠪᠠᠶᠢᠵᠤ ᠮᠡᠳᠡᠨ᠎ᠡ᠃ | 4. ᠨᠣᠶᠢᠷ ᠬᠦᠷᠴᠦ ᠲᠣᠯᠣᠭᠠᠢ ᠡᠷᠭᠢᠬᠦ᠃ ᠡᠨᠡ ᠪᠣᠯ ᠴᠢᠰᠤ ᠶᠡᠬᠡᠪᠡᠷ ᠥᠭᠡᠬᠦᠵᠢᠬᠦ ᠳᠤ ᠦᠷᠭᠦᠯᠵᠢ | ᠲᠣᠬᠢᠶᠠᠯᠳᠤᠳᠠᠭ ᠡᠬᠢᠨ ᠤ ᠦᠶ᠎ᠡ ᠶᠢᠨ ᠰᠢᠨᠵᠢ ᠳᠡᠮᠳᠡᠭ ᠮᠥᠨ᠂ ᠢᠯᠠᠩᠭᠤᠶ᠎ᠠ ᠢᠳᠡᠷ ᠪᠠ ᠦᠳᠡᠯᠦᠬᠡ ᠨᠠᠰᠤᠨ ᠤ | ᠬᠥᠮᠥᠰ ᠥᠷᠯᠥᠭᠡ ᠪᠣᠰᠬᠤ ᠦᠶ᠎ᠡ ᠳᠤ ᠲᠣᠯᠣᠭᠠᠢ ᠨᠢ ᠡᠷᠭᠢᠵᠦ᠂ ᠴᠠᠢ ᠪᠠᠨ ᠤᠤᠭᠤᠭᠰᠠᠨ ᠤ ᠳᠠᠷᠠᠭ᠎ᠠ ᠨᠠᠮᠳᠠᠨ᠂ | ᠦᠳᠡ ᠶᠢᠨ ᠬᠤᠶᠢᠨ᠎ᠠ ᠠᠮᠠᠷᠬᠠᠨ ᠨᠣᠶᠢᠷ ᠬᠦᠷᠳᠡᠭ᠃ | 5. ᠨᠢᠳᠦ ᠡᠷᠢᠶᠡᠯᠵᠡᠬᠦ᠃ ᠥᠷᠯᠥᠭᠡ ᠪᠣᠰᠬᠤ ᠦᠶ᠎ᠡ ᠳᠤ᠂ ᠬᠠᠶᠠ ᠨᠢᠳᠦ ᠡᠷᠢᠶᠠᠯᠵᠢᠨ᠂ ᠳᠠᠷᠠᠭ᠎ᠠ ᠨᠢ | ᠨᠠᠮᠳᠠᠳᠠᠭ᠃ ᠡᠨᠡ ᠨᠢ ᠴᠢᠰᠤᠨ ᠤ ᠭᠯᠢᠼᠧᠷᠢᠨ ᠭᠤᠷᠪᠠᠴᠢ ᠡᠰᠲ᠋ᠥᠷ ᠨᠡᠮᠡᠭᠳᠡᠵᠦ᠂ ᠴᠢᠰᠦᠨ ᠤ ᠡᠷᠬᠢᠯᠳᠡ | ᠤᠳᠠᠭᠠᠰᠢᠷᠠᠵᠤ᠂ ᠥᠭᠡᠬᠦ ᠤᠭᠤᠷᠠᠭ ᠬᠢᠯᠭᠠᠰᠤᠨ ᠰᠤᠳᠠᠯ ᠠᠴᠠ ᠨᠡᠪᠴᠢᠨ ᠭᠠᠷᠴᠤ ᠬᠠᠷᠠᠭ᠎ᠠ ᠶᠢ ᠨᠥᠯᠥᠭᠡᠯᠡᠭᠰᠡᠨ | ᠠᠴᠠ ᠪᠤᠯᠤᠬᠰᠠᠨ ᠶᠤᠮ᠃ | | |