ᠠᠮᠢᠳᠤᠷᠠᠯ ᠢ ᠰᠢᠯᠤᠭᠤᠳᠬᠠᠬᠤ 6 ᠳᠦᠷᠢᠮ
ᠨᠡᠶᠢᠲᠡᠯᠡᠭᠰᠡᠨ ᠴᠠᠭ᠄
2023/2/2
   1. ᠠᠩᠬᠠᠷᠤᠯ ᠲᠠᠢ ᠬᠠᠨᠳᠣᠨ᠎ᠠ᠃ ᠬᠢᠬᠦ ᠭᠡᠵᠦ ᠪᠠᠶᠢᠭ᠎ᠠ ᠶᠠᠪᠤᠳᠠᠯ ᠳᠡᠩᠳᠡᠭᠦᠦ ᠠᠷᠪᠢᠨ᠂  ᠠᠯᠢ  ᠠᠯᠢᠨ   ᠳᠤᠨᠢ  ᠴᠦ‌‍ᠰᠠᠨᠠᠭ᠎ᠠ ᠳᠠᠯᠪᠢᠵᠦ ᠴᠢᠳᠠᠬᠤ ᠦᠬᠡᠢ ᠪᠣᠯᠬᠤᠷ ᠭᠡᠷᠡᠭᠳᠡᠢ ᠶᠠᠭᠤᠮ᠎ᠠ ᠪᠠᠨ ᠠᠯᠳᠠᠬᠤ ᠬᠡᠳ ᠪᠠᠶᠢᠳᠠᠭ ᠶᠤᠮ᠃ ᠡᠶᠢᠮᠦ   ᠠᠴᠠ  ᠨᠢᠭᠡ ᠯᠡ ᠶᠠᠪᠤᠳᠠᠯ ᠢ ᠰᠠᠨᠠᠭ᠎ᠠ ᠲᠠᠯᠪᠢᠨ ᠬᠢᠬᠦ ᠭᠡᠷᠡᠭᠳᠡᠢ᠃ ᠪᠤᠰᠤᠳ ᠢ ᠨᠢ ᠶᠠᠪᠤᠭᠠᠨ ᠳᠠᠭᠠᠨ ᠪᠤᠯ᠃             2. ᠴᠠᠭ ᠲᠤᠬᠠᠢ ᠳᠤᠨᠢ ᠠᠵᠢᠯᠯᠠᠭ᠎ᠠ ᠠᠪᠬᠤ᠃ ᠳᠣᠳᠠᠭᠤ ᠶᠠᠷᠢᠵᠦ ᠢᠯᠡᠬᠦᠦ  ᠬᠦᠳᠡᠯ᠃  ᠬᠦᠳᠡᠯᠵᠦ ᠯᠠ ᠪᠠᠶᠢᠪᠠᠯ ᠬᠦᠯᠦᠰᠦ ᠨᠢ ᠢᠷᠡᠳᠡᠭ ᠶᠤᠮ᠃          3. ᠠᠮᠢᠳᠣᠷᠠᠯ ᠢᠶᠠᠨ ᠳᠦᠬᠦᠮᠴᠢᠯᠡ᠃ ᠠᠮᠢᠳᠤᠷᠠᠯ ᠳᠤᠮᠳᠠ ᠠᠴᠠ ᠵᠠᠷᠢᠮ ᠨᠢᠬᠡ ᠴᠢᠬᠤᠯᠠ ᠪᠢᠰᠢ ᠵᠤᠶᠢᠯ ᠢ ᠬᠠᠶᠠᠵᠦ ᠰᠣᠷ᠃ ᠡᠮᠦᠰᠬᠦ ᠠᠴᠠ ᠦᠩᠭᠡᠷᠡᠭᠰᠡᠨ ᠬᠤᠪᠴᠠᠰᠤ ᠬᠤᠨᠠᠷ᠂ ᠳᠡᠮᠡᠢ ᠵᠠᠷᠣᠳᠠᠭ ᠦᠬᠡᠢ ᠵᠢᠵᠢᠭ ᠰᠠᠵᠢᠭ ᠶᠠᠭᠤᠮ᠎ᠠ ᠪᠠᠨ ᠵᠦᠭᠡᠷ ᠯᠠ ᠬᠠᠶᠠᠭᠠᠳ ᠬᠤᠷᠤᠭᠤ ᠪᠠᠨ ᠬᠦᠩᠭᠡᠯᠡᠵᠦ ᠰᠡᠳᠬᠢᠯ ᠢᠶᠠᠨ ᠴᠢᠯᠦᠬᠡᠯᠡ᠃            4. ᠭᠡᠷᠡᠭ ᠶᠠᠪᠤᠳᠠᠯ ᠳᠤ ᠪᠡᠶ᠎ᠡ ᠪᠠᠨ ᠪᠠᠷᠢᠵᠦ ᠰᠣᠷ᠃ ᠤᠴᠢᠷ ᠶᠠᠪᠤᠳᠠᠯ ᠳᠤ ᠠᠮᠠᠷᠬᠠᠨ ᠰᠡᠳᠬᠢᠯ ᠬᠥᠳᠡᠯᠵᠦ᠂  ᠪᠠᠭ᠎ᠠ ᠯᠠ ᠤᠴᠢᠷ ᠠᠴᠠ ᠪᠡᠶ᠎ᠡ ᠰᠡᠳᠬᠢᠯ ᠢᠶᠠᠨ ᠶᠠᠳᠠᠷᠠᠭᠠᠬᠤ ᠶᠢᠨ ᠬᠡᠷᠡᠭ ᠶᠡᠷᠦ ᠠᠴᠠ ᠠᠯᠠᠭ᠎ᠠ᠃ ᠦᠭᠡᠳᠡᠷᠬᠡᠭ ᠰᠠᠶᠢᠨ ᠰᠠᠶᠢᠬᠠᠨ ᠳᠠᠯ᠎ᠠ‌ᠣᠷᠣᠭᠤ ᠨᠢ ᠢᠯᠡᠬᠦᠦ ᠬᠠᠷᠠᠵᠦ᠂ ᠰᠠᠨᠠᠭ᠎ᠠ ᠰᠡᠳᠬᠢᠯ ᠢᠶᠠᠨ ᠳᠠᠶᠢᠪᠤᠩ ᠪᠠᠶᠢᠯᠭᠠᠬᠤ ᠶᠢ ᠪᠤᠳᠤ᠃           5. ᠠᠮᠢᠳᠤᠷᠠᠯ ᠢᠶᠠᠨ ᠲᠢᠭᠯᠢᠮ ᠲᠠᠢ ᠪᠠᠶᠢᠯᠭ᠎ᠠ᠃ ᠨᠢᠭᠡ ᠬᠥᠮᠥᠨ ᠬᠡᠵᠢᠶᠡᠳᠡ ᠠᠯᠠᠩ  ᠰᠠᠯᠠᠩ ᠪᠠᠶᠢᠭᠠᠳ  ᠪᠠᠶᠢᠪᠠᠯ᠂ ᠠᠮᠢᠳᠣᠷᠠᠯ ᠴᠢᠨᠢ ᠠᠶᠠᠨᠳᠠᠭᠠᠨ ᠵᠠᠮᠪᠠᠷᠠᠭ᠎ᠠ ᠦᠬᠡᠢ  ᠪᠣᠯᠣᠨ᠎ᠠ᠃  ᠠᠵᠢᠯᠯᠠᠵᠤ ᠠᠮᠠᠷᠠᠬᠤ᠂  ᠢᠳᠡᠵᠦ  ᠤᠤᠭᠤᠬᠤ᠂  ᠬᠦᠳᠡᠯᠵᠦ ᠪᠠᠷᠢᠬᠤ ᠪᠠᠨ ᠲᠣᠬᠢᠷᠠᠭᠤᠯᠵᠤ᠂ ᠡᠮᠬᠢ ᠳᠢᠭᠯᠢᠮ ᠲᠠᠢ ᠠᠮᠢᠳᠣᠷᠠᠬᠤ ᠶᠤᠰᠤᠳᠠᠢ᠃          6. ᠰᠠᠨᠠᠭ᠎ᠠ ᠰᠡᠳᠬᠢᠯ ᠢᠶᠠᠨ ᠳᠠᠶᠢᠪᠤᠩ  ᠪᠠᠶᠢᠯᠭ᠎ᠠ᠃ ᠰᠠᠨᠠᠭ᠎ᠠ ᠳᠠᠶᠢᠪᠤᠩ ᠪᠤᠯ ᠬᠤᠯᠠ ᠶᠢ ᠬᠠᠷᠠᠵᠦ᠂ ᠶᠡᠭᠡ ᠶᠢ ᠰᠡᠳᠬᠢᠨ᠂ ᠠᠮᠢᠳᠣᠷᠠᠯ ᠦᠬᠡᠳᠡ ᠪᠠᠨ ᠦᠢᠯᠡᠰ ᠢᠷᠡᠬᠡᠳᠦᠢ ᠲᠠᠢ ᠪᠤᠯᠳᠠᠭ ᠶᠤᠮ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号