ᠡᠪᠦᠯ ᠬᠠᠪᠤᠷ ᠤᠨ ᠤᠯᠠᠷᠢᠯ ᠪᠣᠯ ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠣᠯᠠᠨ ᠡᠭᠦᠰᠳᠡᠭ | ᠤᠯᠠᠷᠢᠯᠮᠥ᠋ᠨ᠃ ᠶᠠᠭᠠᠬᠢᠭᠠᠳ ᠣᠯᠠᠨ ᠢᠶᠠᠷ ᠢᠶᠠᠨ ᠡᠨᠡ ᠵᠢᠯ ᠤᠨ ᠬᠠᠯᠳᠠᠪᠤᠷᠢᠲᠤ ᠳᠠᠭᠰᠢᠭᠤᠷ ᠲᠤ ᠨᠡᠷᠪᠡᠭᠳᠡᠭᠰᠡᠨ ᠤ | ᠳᠠᠷᠠᠭ᠎ᠠ ᠡᠪᠡᠳᠴᠢᠨ ᠤ ᠢᠯᠡᠷᠡᠯ ᠨᠢ ᠥᠩᠭᠡᠷᠡᠭᠰᠡᠨ ᠵᠢᠯ ᠤᠳ ᠠᠴᠠ ᠨᠠᠩ ᠬᠦᠨᠳᠦ ᠭᠡᠵᠦ ᠦᠵᠡᠵᠦ ᠪᠠᠶᠢᠬᠤ ᠪᠣᠶ︖ | ᠪᠡᠭᠡᠵᠢᠩ ᠶᠡᠭᠡᠰᠤᠷᠭᠠᠭᠤᠯᠢ ᠶᠢᠨ ᠨᠢᠭᠡᠳᠦᠭᠡᠷ ᠡᠮᠨᠡᠯᠭᠡ ᠶᠢᠨ ᠬᠤᠷᠢᠶᠠᠨ ᠤ ᠬᠠᠯᠳᠠᠪᠤᠷᠢᠲᠤ ᠡᠪᠡᠳᠴᠢᠨ ᠤ | ᠰᠠᠯᠠᠭᠠᠨ ᠤ ᠡᠷᠬᠢᠯᠡᠭᠴᠢ ᠸᠠᠩ ᠬᠦᠶᠴᠢᠶᠠᠩ ᠬᠡᠯᠡᠬᠦ ᠳᠡᠭᠡᠨ᠄ ᠨᠢᠭᠡ ᠲᠠᠯ᠎ᠠ ᠪᠠᠷ᠂ ᠬᠠᠯᠳᠠᠪᠤᠷᠢᠲᠤ ᠲᠠᠭᠰᠢᠭᠤᠷ ᠤᠨ ᠲᠣᠰ | ᠪᠡᠶ᠎ᠡ ᠶᠢᠨ ᠡᠪᠡᠳᠴᠢᠯᠡᠭᠦᠯᠬᠦ ᠴᠢᠨᠡᠷ ᠨᠢ ᠤᠭ ᠠᠴᠠ ᠪᠠᠨ ᠴᠢᠩᠭ᠎ᠠ ᠪᠠᠶᠢᠵᠠᠢ᠂ ᠭᠡᠪᠡᠴᠦ ᠣᠯᠠᠨ ᠤ ᠠᠩᠬᠠᠷᠤᠯ ᠢ ᠶᠡᠭᠡ | ᠪᠠᠷ ᠲᠠᠲᠠᠵᠤ ᠪᠠᠶᠢᠭᠰᠠᠨ ᠦᠭᠡᠢ᠃ ᠬᠤᠶᠠᠳᠤᠭᠠᠷ ᠰᠢᠯᠲᠠᠭᠠᠨ ᠨᠢ ᠭᠡᠪᠡᠯ᠂ ᠣᠶᠢᠷ᠎ᠠ ᠶᠢᠨ ᠭᠤᠷᠪᠠᠨ ᠵᠢᠯ ᠳᠤ ᠪᠢᠳᠡ | ᠰᠢᠨ᠎ᠡ ᠺᠣᠷᠣᠨᠠ ᠸᠢᠷᠦ᠋ᠰ ᠤᠨ ᠬᠢᠵᠢᠭ ᠠᠴᠠ ᠥᠪᠡᠷ ᠢ ᠪᠠᠨ ᠮᠠᠰᠢ ᠰᠠᠶᠢᠨ ᠰᠡᠷᠭᠡᠶᠢᠯᠡᠨ ᠬᠠᠮᠠᠭᠠᠯᠠᠵᠤ ᠢᠷᠡᠭᠰᠡᠨ | ᠪᠤᠯᠬᠤᠷ ᠣᠯᠠᠩᠬᠢ ᠬᠥᠮᠦᠰ ᠡᠨᠡ ᠭᠤᠷᠪᠠᠨ ᠵᠢᠯ ᠳᠤ ᠲᠠᠭᠰᠢᠭᠤᠷ ᠤᠨ ᠸᠢᠷᠦ᠋ᠰ ᠲᠤ ᠦᠨᠳᠦᠰᠦᠨ ᠳᠡᠭᠡᠨ | ᠨᠡᠷᠪᠡᠭᠳᠡᠭᠰᠡᠨ ᠦᠭᠡᠶ᠃ ᠥᠩᠭᠡᠷᠡᠭᠰᠡᠨ ᠳᠤ ᠵᠢᠯ ᠪᠦᠷᠢ ᠬᠠᠯᠳᠠᠪᠤᠷᠢᠲᠤ ᠲᠠᠭᠰᠢᠭᠤᠷ ᠳᠡᠯᠭᠡᠷᠡᠵᠦ᠂ ᠵᠠᠭᠤᠨ ᠤ ᠬᠤᠷᠢ | ᠭᠤᠴᠢ ᠶᠢᠨ ᠬᠥᠮᠥᠰ ᠬᠠᠯᠳᠠᠪᠤᠷᠢᠲᠤ ᠲᠠᠭᠰᠢᠭᠤᠷ ᠲᠤ ᠨᠡᠷᠪᠡᠭᠳᠡᠵᠦ ᠥᠩᠭᠡᠷᠡᠭᠰᠡᠨ ᠪᠣᠯᠬᠤᠷ ᠲᠣᠰᠪᠡᠶᠡ ᠨᠢ ᠵᠣᠬᠢᠬᠤ | ᠬᠡᠮᠵᠢᠶᠡᠨ ᠤ ᠳᠠᠷᠬᠠᠯᠠᠭ᠎ᠠ ᠲᠠᠢ ᠪᠣᠯᠵᠣ᠂ ᠡᠪᠡᠳᠴᠢᠨ ᠤ ᠢᠯᠡᠷᠡᠯ ᠨᠢ ᠲᠡᠳᠦᠶ ᠬᠦᠨᠳᠦ ᠪᠢᠰᠢ ᠪᠣᠯᠳᠠᠭ᠃ ᠡᠨᠡ ᠭᠤᠷᠪᠠᠨ | ᠵᠢᠯ ᠳᠤ᠂ ᠣᠯᠠᠨ ᠢᠶᠠᠷ ᠢᠶᠠᠨ ᠬᠠᠯᠳᠠᠪᠤᠷᠢᠲᠤ ᠲᠠᠭᠰᠢᠭᠤᠷ ᠲᠤ ᠪᠠᠷᠤᠭ ᠨᠡᠷᠪᠡᠭᠳᠡᠭᠰᠡᠨ ᠥᠬᠡᠶ ᠪᠣᠯᠬᠤᠷ ᠡᠨᠡ ᠤᠳᠠᠭ᠎ᠠ | ᠨᠡᠷᠪᠡᠭᠳᠡᠭᠰᠡᠨ ᠤ ᠳᠠᠷᠠᠭ᠎ᠠ ᠡᠪᠡᠳᠴᠢᠨ ᠤ ᠢᠯᠡᠷᠡᠯ ᠨᠢ ᠬᠦᠨᠳᠦᠷᠡᠭᠰᠡᠨ ᠪᠠᠶᠢᠨ᠎ᠠ ᠭᠡᠯᠡ᠃ ᠲᠤᠰᠬᠠᠶ | ᠮᠡᠷᠭᠡᠵᠢᠯᠲᠡᠨ ᠤ ᠲᠠᠨᠢᠯᠴᠠᠭᠤᠯᠤᠭᠰᠠᠨ ᠢᠶᠠᠷ᠂ ᠬᠠᠯᠳᠠᠪᠤᠷᠢᠲᠤ ᠲᠠᠭᠰᠢᠭᠤᠷ ᠢ ᠡᠮᠨᠡᠬᠦ ᠳᠤ ᠡᠪᠡᠳᠴᠢᠨ ᠳᠤᠨᠢ | ᠲᠠᠭᠠᠷᠠᠭᠤᠯᠵᠤ ᠡᠮᠨᠡᠨ ᠵᠠᠰᠠᠬᠤ ᠬᠡᠷᠡᠭᠲᠡᠢ᠂ ᠡᠪᠡᠳᠴᠢᠨ ᠤ ᠪᠠᠶᠢᠳᠠᠯ ᠨᠢ ᠨᠡᠯᠢᠶᠡᠳ ᠬᠦᠨᠳᠦ ᠡᠪᠡᠳᠴᠢᠲᠡᠨ ᠪᠤᠶᠤ | ᠬᠦᠨᠳᠦ ᠡᠪᠡᠳᠴᠢᠨ ᠲᠠᠢ ᠪᠥᠭᠡᠳ ᠠᠶᠤᠯ ᠲᠦᠭᠰᠢᠭᠦᠷᠢ ᠶᠡᠬᠡᠲᠡᠶ ᠬᠥᠮᠦᠰ ᠲᠤ ᠸᠢᠷᠦ᠋ᠰ ᠢ ᠡᠰᠡᠷᠭᠦᠴᠡᠬᠦ ᠡᠮᠴᠢᠯᠡᠭᠡ | ᠬᠡᠷᠡᠭᠯᠡᠵᠦ ᠪᠣᠯᠤᠨ᠎ᠠ ᠭᠡᠵᠡᠢ᠃ ᠲᠡᠷᠡ ᠪᠠᠷ ᠪᠠᠰᠠ ᠬᠡᠯᠡᠬᠦ ᠳᠡᠭᠡᠨ᠄ ᠮᠠᠨ ᠤᠤᠯᠤᠰ ᠲᠤ ᠣᠲᠣ ᠬᠠᠯᠳᠠᠪᠤᠷᠢᠲᠤ | ᠲᠠᠭᠰᠢᠭᠤᠷ ᠲᠤ ᠵᠣᠷᠢᠭᠤᠯᠤᠭᠰᠠᠨ ᠸᠢᠷᠦ᠋ᠰ ᠢ ᠡᠰᠡᠷᠭᠦᠴᠡᠬᠦ 6 ᠲᠦᠷᠦᠯ ᠤᠨ ᠡᠮ ᠪᠠᠶᠢᠨ᠎ᠠ᠂ ᠡᠭᠦᠨ ᠳᠤ ᠤᠤᠭᠤᠬᠤ᠂ | ᠨᠠᠮᠵᠢᠭᠤᠨ ᠰᠤᠳᠠᠯ ᠳᠤ ᠬᠡᠷᠡᠭᠯᠡᠬᠦ ᠡᠮ ᠪᠠᠭᠲᠠᠨ᠎ᠠ᠂ ᠡᠲᠡᠭᠡᠷ ᠡᠮ ᠢ ᠡᠮᠴᠢ ᠶᠢᠨ ᠵᠢᠯᠣᠭᠤᠳᠣᠯᠭ᠎ᠠ ᠳᠣᠣᠷ᠎ᠠ ᠬᠡᠷᠡᠭᠯᠡᠬᠦ | ᠬᠡᠷᠡᠭᠲᠡᠶ ᠭᠡᠵᠡᠢ᠃ |