ᠬᠥᠨᠳᠡᠯᠡᠨ ᠲᠣᠭᠤᠷᠢᠭ ᠤᠨ ᠪᠣᠳᠠᠲᠤ ᠴᠣᠭᠴᠠ ᠶᠢᠨ ᠠᠵᠤ ᠠᠬᠤᠢ ᠶᠢᠨ ᠬᠦᠭᠵᠢᠯᠳᠠ ᠶᠢ ᠳᠠᠶᠢᠴᠢᠯᠠᠬᠤ ᠶᠢᠨ ᠲᠥᠯᠥᠭᠡ᠂ ᠪᠤᠭᠤᠲᠤ ᠶᠢᠨ ᠠᠩᠬᠠᠳᠠᠭᠴᠢ ᠬᠡᠭᠡᠷ᠎ᠡ ᠪᠠᠭᠤᠳᠠᠯᠯᠠᠵᠤ᠂ ᠱᠤᠷᠤᠯᠢᠭ ᠢᠳᠡᠵᠤ ᠫᠢᠸᠤ᠋ ᠤᠤᠭᠤᠵᠤ ᠪᠤᠯᠬᠤ ᠫᠢᠸᠣ᠋ ᠶᠢᠨ ᠭᠤᠣᠯ ᠰᠡᠳᠦᠪᠲᠦ ᠴᠡᠴᠡᠷᠯᠢᠭ ᠮᠠᠶ᠋ᠢᠭ ᠤᠨ ᠬᠤᠭᠤᠯᠠᠨ ᠭᠡᠷ ᠨᠡᠭᠡᠭᠡᠭᠳᠡᠯ᠎ᠡ︕
ᠨᠡᠶᠢᠲᠡᠯᠡᠭᠰᠡᠨ ᠴᠠᠭ᠄
2023/7/17
     ᠤᠯᠠᠮᠵᠢᠯᠠᠯᠲᠤ ᠠᠮᠲᠠᠲᠤ ᠢᠳᠡᠭᠡᠨ ᠤ ᠵᠡᠭᠡᠯᠢ ᠶᠢᠨ ᠲᠣᠭᠤᠷᠢᠭ ᠨᠢ ᠪᠦᠷ ᠬᠦᠢᠲᠡᠨ ᠭᠤᠯᠢᠷ ᠤᠨ ᠰᠢᠷᠠᠮᠠᠯ᠂ ᠰᠢᠷᠠᠭᠰᠠᠨ ᠪᠡᠬᠡᠲᠦ ᠬᠢᠰᠤᠭ᠎ᠠ᠂ ᠴᠠᠩᠱᠠ ᠶᠢᠨ ᠦᠮᠡᠬᠡᠢ ᠳ᠋ᠧᠦᠹᠦ᠋ ᠵᠡᠷᠭᠡ ᠦᠷᠭᠦᠯᠵᠢ ᠬᠠᠷᠠᠭᠳᠠᠳᠠᠭ ᠰᠤᠯᠠ ᠢᠳᠡᠭᠡᠨ ᠢᠶᠠᠷ ᠭᠤᠣᠯ ᠪᠣᠯᠭᠠᠵᠤ᠂ ᠦᠵᠡᠬᠦ ᠳᠤ ᠠᠳᠠᠯᠢ ᠦᠬᠡᠢ ᠪᠤᠯᠪᠠᠴᠤ ᠦᠨᠡᠨ ᠳᠡᠭᠡᠨ ᠠᠳᠠᠯᠢᠪᠳᠤᠷ ᠰᠤᠯᠠ ᠢᠳᠡᠭᠡᠨ ᠤᠳ ᠨᠢ ᠨᠢᠭᠡᠨᠲᠡ ᠬᠡᠷᠡᠭᠯᠡᠭᠴᠢᠳ ᠲᠤ ᠨᠠᠩ ᠣᠯᠠᠨ ᠰᠢᠨ᠎ᠡ ᠰᠡᠪᠡᠬᠦᠨ ᠲᠥᠷᠥᠭᠳᠡᠯ ᠪᠠ ᠠᠮᠲᠠᠲᠤ    ᠢᠳᠡᠭᠡᠨ ᠢ ᠡᠳ᠋ᠯᠡᠬᠦ ᠲᠥᠷᠥᠭᠳᠡᠯ ᠢ ᠦᠭᠴᠦ ᠴᠢᠳᠠᠬᠤ ᠦᠭᠡᠢ ᠪᠣᠯᠵᠠᠢ᠃
    ᠬᠠᠮᠤᠭ ᠤᠨ ᠰᠢᠨ᠎ᠡ ᠰᠣᠷᠭᠤᠭ ᠫᠢᠸᠣ᠋ ᠪᠠ ᠨᠠᠩ ᠴᠢᠨᠠᠷ ᠰᠠᠶᠢᠲᠠᠶ ᠠᠮᠲᠠᠲᠤ ᠢᠳᠡᠭᠡᠨ ᠢ ᠨᠠᠩ ᠣᠯᠠᠨ ᠬᠡᠷᠡᠭᠯᠡᠭᠴᠢᠳ ᠲᠤ ᠡᠳ᠋ᠯᠡᠬᠦᠯᠵᠦ᠂ ᠣᠯᠠᠨ ᠠᠴᠠ ᠣᠨᠴᠠᠭᠠᠶ᠂ ᠨᠠᠩ ᠡᠯᠪᠡᠭ ᠪᠠᠶᠠᠯᠢᠭ ᠠᠮᠲᠠᠲᠤ ᠢᠳᠡᠭᠡᠨ ᠤ       ᠵᠡᠭᠡᠯᠢ ᠶᠢᠨ ᠲᠣᠭᠤᠷᠢᠭ ᠢ ᠭᠠᠷᠭᠠᠬᠤ ᠶᠢᠨ ᠲᠥᠯᠥᠭᠡ᠂ ᠰᠢᠤᠸᠠᠢ ᠯᠦ ᠫᠢᠸᠣ᠋ ᠶᠢᠨ ᠦᠶᠯᠡᠳᠪᠦᠷᠢ ᠪᠣᠯᠤᠨ ᠵᠢᠦ ᠶᠤᠸᠠᠢ ᠢᠳᠡᠭᠡᠨ ᠤᠮᠳᠠᠭᠠᠨ ᠤ ᠦᠢᠯᠡᠰ ᠬᠠᠮᠲᠤᠷᠠᠨ ᠣᠨᠴᠠᠯᠢᠭᠲᠤ ᠢᠳᠡᠭᠡᠨ ᠤᠮᠳᠠᠭᠠᠨ ᠤ ᠵᠡᠭᠡᠯᠢ ᠶᠢᠨ ᠲᠣᠭᠤᠷᠢᠭ ᠢ ᠨᠡᠭᠡᠭᠡᠨ ᠬᠥᠭᠵᠢᠭᠦᠯᠵᠦ᠂ ᠭᠤᠤᠯᠳᠠᠭᠤ ᠰᠢᠤᠸᠠᠢ ᠯᠦ ᠰᠢᠨ᠎ᠡ ᠰᠣᠷᠭᠤᠭ ᠫᠢᠸᠣ᠋ ᠪᠠᠷ ᠣᠨᠴᠠᠯᠢᠭ ᠪᠣᠯᠭᠠᠭᠰᠠᠨ ᠪᠤᠭᠤᠲᠤ ᠶᠢᠨ ᠨᠠᠷᠠᠲᠤ ᠢᠳᠡᠭᠡᠨ ᠤᠮᠳᠠᠭᠠᠨ ᠲᠦᠪᠯᠡᠷᠡᠭᠰᠡᠨ ᠵᠢᠵᠢᠭ ᠬᠦᠷᠢᠶ᠎ᠡ ︵ᠳᠣᠷᠣᠭᠰᠢ ︽ᠫᠢᠸᠣ᠋ ᠶᠢᠨ ᠵᠢᠵᠢᠭ ᠬᠦᠷᠢᠶ᠎ᠡ︾ ᠭᠡᠵᠦ ᠲᠣᠪᠴᠢᠯᠠᠨ᠎ᠠ︶᠎ ᠶᠢ ᠪᠠᠶᠢᠭᠤᠯᠵᠤ᠂ ᠡᠨᠡ ᠵᠤᠨ ᠢ ᠨᠠᠩ ᠲᠠᠭᠠᠯᠠᠮᠵᠢᠳᠠᠢ ᠰᠠᠶᠢᠬᠠᠨ᠂ ᠦᠨᠦᠷ ᠠᠮᠲᠠ ᠲᠠᠢ ᠪᠣᠯᠭᠠᠪᠠ︕
   ᠫᠢᠸᠤ᠋ ᠶᠢᠨ ᠵᠢᠵᠢᠭ ᠬᠦᠷᠢᠶ᠎ᠡ ᠪᠣᠯ ᠪᠤᠭᠤᠲᠤ ᠶᠢᠨ ᠠᠩᠬᠠᠳᠠᠭᠴᠢ ᠫᠢᠸᠤ᠋ ᠶᠢᠨ ᠭᠤᠤᠯ ᠰᠡᠳᠦᠪᠲᠦ ᠴᠡᠴᠡᠷᠯᠢᠭ ᠮᠠᠶ᠋ᠢᠭ ᠤᠨ ᠬᠤᠭᠤᠯᠠᠨ ᠲᠢᠩᠬᠢᠮ ᠪᠣᠯᠤᠨ᠎ᠠ᠂ ᠮᠥᠨ ᠴᠦ ᠪᠤᠭᠤᠲᠤ ᠶᠢᠨ ᠠᠩᠬᠠᠳᠠᠭᠴᠢ ᠨᠠᠷᠠᠲᠤ ᠢᠳᠡᠭᠡᠨ ᠤᠮᠳᠠᠭᠠᠨ ᠤ ᠲᠦᠷᠦᠯ ᠲᠡᠮᠳᠡᠭ ᠢ ᠨᠢᠭᠡ ᠲᠤᠤᠷ᠎ᠠ ᠴᠤᠭᠯᠠᠭᠤᠯᠤᠬᠰᠠᠨ ᠬᠦᠷᠢᠶ᠎ᠡ ᠪᠣᠯᠤᠨ᠎ᠠ᠃ ᠵᠢᠵᠢᠭ ᠬᠦᠷᠢᠶ᠎ᠡ ᠨᠢ ᠤᠯᠤᠰ ᠤᠨ ᠳᠣᠲᠣᠭᠠᠳᠤ ᠶᠢᠨ ᠴᠣᠷ ᠤᠨ ᠭᠠᠭᠴᠠ ᠫᠢᠸᠤ᠋ ᠶᠢᠨ ᠰᠣᠶᠣᠯ ᠢ ᠢᠯᠡᠷᠡᠭᠦᠯᠬᠦ ᠪᠠᠷ ᠭᠤᠤᠯ ᠰᠡᠳᠦᠪ ᠪᠣᠯᠭᠠᠭᠰᠠᠨ ︽ᠰᠢᠤᠸᠠᠢ ᠯᠦ ᠫᠢᠸᠤ᠋ ᠶᠢᠨ ᠰᠣᠶᠣᠯ ᠤᠨ ᠠᠮᠢ ᠠᠬᠤᠶ ᠶᠢᠨ ᠴᠡᠴᠡᠷᠯᠢᠭ︾᠎ ᠤᠨ ᠡᠮᠦᠨ᠎ᠡ ᠬᠡᠰᠡᠭ ᠢ ᠡᠵᠡᠯᠡᠨ ᠪᠠᠶᠢᠷᠢᠯᠠᠵᠤ᠂ ᠵᠢᠵᠢᠭ ᠬᠦᠷᠢᠶ᠎ᠡ ᠶᠢᠨ ᠬᠤᠶᠢᠲᠤ ᠲᠠᠯ᠎ᠠ ᠨᠢ ᠶᠠᠭ ᠰᠠᠶᠢᠬᠠᠨ ᠶᠠᠨ ᠵᠢᠩ ᠰᠢᠤᠸᠠᠢ ᠯᠦ ᠫᠢᠸᠤ᠋ ᠶᠢᠨ ᠦᠶᠯᠡᠳᠪᠦᠷᠢ ᠲᠠᠢ ᠵᠡᠭᠡᠯᠢ ᠠᠯᠤᠰᠯᠠᠨ ᠡᠰᠡᠷᠬᠦᠯᠡᠨ ᠪᠠᠷᠠᠯᠠᠵᠤ ᠪᠤᠢ
    ᠵᠢᠵᠢᠭ ᠬᠦᠷᠢᠶ᠎ᠡ ᠲᠤᠳᠤᠷ᠎ᠠ᠂ ᠶᠢᠨ ᠮᠠᠢ ᠶᠤᠸᠠᠨ ᠰᠢᠷᠠᠭᠰᠠᠨ ᠮᠢᠬ᠎ᠠ᠂ ᠮᠦ ᠱᠠᠩ ᠪᠢᠨ ᠨᠡᠭᠦᠷᠡᠰᠦᠨ ᠭᠠᠯ ᠢᠶᠠᠷ ᠰᠢᠷᠬᠰᠠᠨ ᠬᠤᠨᠢᠨ ᠭᠤᠶ᠎ᠠ᠂ ᠵᠢᠦ ᠶᠤᠸᠠᠢ ᠭᠤᠱᠤᠭᠤᠨ ᠰᠢᠷᠠᠭᠰᠠᠨ ᠨᠤᠭᠤᠰᠤ᠂ ᠰᠢᠩ ᠹᠦ᠋ ᠵᠢᠵᠢᠭ ᠬᠦᠷᠢᠶ᠎ᠡ ᠶᠢᠨ ᠰᠢᠨᠵᠢᠶᠠᠩ ᠤᠨ ᠨᠣᠭᠤᠭ᠎ᠠ ᠵᠡᠷᠭᠡ ᠪᠤᠭᠤᠲᠤ ᠶᠢᠨ ᠨᠡᠷᠡᠳᠤ ᠢᠳᠡᠭᠡᠨ ᠤᠮᠳᠠᠭᠠᠨ ᠤ ᠲᠦᠷᠦᠯ ᠲᠡᠮᠳᠡᠭ ᠢ ᠪᠠᠭᠲᠠᠭᠠᠬᠰᠠᠨ ᠲᠠᠩᠰᠤᠭ ᠰᠠᠶᠢᠬᠠᠨ ᠠᠮᠳᠠᠳᠤ ᠢᠳᠡᠭᠡᠨ ᠤᠮᠳᠠᠭᠠᠨ ᠢ ᠴᠤᠬᠯᠠᠭᠤᠯᠵᠤ᠂ ᠬᠡᠷᠡᠭᠯᠡᠭᠴᠢᠳ ᠲᠤ ᠬᠠᠩᠭᠠᠵᠤ ᠪᠠᠶᠢᠨ᠎ᠠ᠃  
  ᠎   ᠎ ᠶᠢᠨ ᠮᠠᠶ ᠶᠤᠸᠠᠨ ᠰᠢᠷᠠᠭᠰᠠᠨ ᠮᠢᠬ᠎ᠠ     2005 ᠣᠨ ᠳᠤ ᠪᠠᠶᠢᠭᠤᠯᠤᠭᠳᠠᠵᠠᠢ᠂ ᠰᠢᠷᠠᠮᠠᠯ ᠮᠢᠬ᠎ᠠ ᠶᠢ ᠭᠤᠤᠯᠯᠠᠨ ᠡᠵᠡᠩᠨᠡᠵᠤ 18 ᠵᠢᠯ ᠪᠤᠯᠵᠤ    ᠪᠠᠶᠢᠨ᠎ᠠ᠂ ᠠᠵᠤ ᠠᠬᠤᠶᠢᠯᠯᠠᠯ ᠤᠨ ᠳᠣᠣᠷ᠎ᠠ ᠪᠠᠨ 100  ᠭᠠᠷᠤᠢ ᠬᠡᠯᠬᠢᠶ᠎ᠡ ᠳᠡᠯᠭᠡᠭᠦᠷ ᠲᠠᠢ᠂ ᠲᠤᠰ ᠲᠦᠷᠦᠯ ᠲᠡᠮᠳᠡᠭ ᠤᠨ ᠲᠤᠤᠷ᠎ᠠ ᠪᠠᠨ ᠪᠠᠰᠠ ᠶᠢᠨ ᠮᠠᠢ ᠶᠤᠸᠠᠨ ᠬᠤᠲᠠ ᠵᠡᠭᠡᠯᠢ ᠶᠢᠨ ᠰᠢᠷᠠᠭᠰᠠᠨ ᠮᠢᠬ᠎ᠠ᠂ ᠰᠢᠪᠠᠷ ᠵᠤᠤᠬᠠᠨ ᠤ ᠦᠬᠡᠷ ᠤᠨ ᠰᠢᠷᠠᠮᠠᠯ ᠮᠢᠬ᠎ᠠ᠂ ᠯᠢ ᠶᠤᠸᠠᠢ ᠾᠧ ᠦᠬᠡᠷ ᠤᠨ ᠰᠢᠷᠠᠮᠠᠯ ᠵᠡᠷᠭᠡ ᠲᠦᠷᠦᠯ ᠲᠡᠮᠳᠡᠭ ᠢ ᠡᠭᠦᠳᠴᠦ᠂ ᠪᠤᠭᠤᠲᠤ ᠶᠢᠨ ᠰᠢᠷᠠᠭᠰᠠᠨ ᠮᠢᠬᠠᠨ ᠤ ᠠᠮᠲᠠ ᠪᠠᠷ ᠨᠢᠭᠡᠳᠦᠭᠡᠷ ᠲᠤ ᠣᠷᠣᠵᠤ᠂ ᠣᠯᠠᠨ ᠡᠭᠦᠳᠡᠨ ᠳᠡᠯᠭᠡᠭᠦᠷ ᠨᠢ ᠭᠠᠵᠠᠷ ᠣᠷᠣᠨ ᠤ ᠠᠮᠲᠠᠲᠤ ᠢᠳᠡᠭᠡᠨ ᠤ ᠵᠢᠭᠰᠠᠭᠠᠯᠲᠠ ᠶᠢᠨ ᠲᠤᠳᠤᠷ᠎ᠠ ᠡᠮᠦᠨ᠎ᠡ ᠭᠤᠷᠪᠠ ᠳᠤ ᠣᠷᠣᠵᠤ᠂ ᠬᠡᠷᠡᠭᠯᠡᠭᠴᠢᠳ ᠤᠨ ᠪᠠᠭ᠋ᠠᠷᠬᠠᠯ ᠢ ᠣᠯᠵᠠᠢ᠃
    ᠮᠥ ᠱᠠᠩ ᠪᠢᠨ ᠨᠡᠭᠦᠷᠡᠰᠦᠨ ᠭᠠᠯ ᠢᠶᠠᠷ ᠰᠢᠷᠠᠭᠰᠠᠨ ᠬᠤᠨᠢᠨ ᠭᠤᠶ᠎ᠠ    13 ᠵᠢᠯ ᠰᠢᠷᠠᠭᠰᠠᠨ ᠬᠤᠨᠢᠨ ᠭᠤᠶ᠎ᠠ ᠬᠡᠬᠦ ᠡᠨᠡᠬᠦ ᠠᠮᠳᠠᠳᠤ ᠢᠳᠡᠬᠡᠨ ᠢ ᠶᠠᠭᠠᠬᠢᠵᠤ ᠬᠢᠬᠦ ᠳᠤ ᠠᠩᠬᠠᠷᠤᠯ ᠢᠶᠠᠨ ᠲᠦᠪᠯᠡᠷᠡᠬᠦᠯᠵᠤ᠂ ᠲᠦᠬᠦᠭᠡᠢ ᠮᠠᠲ᠋ᠧᠷᠢᠶᠠᠯ ᠰᠤᠩᠭᠤᠬᠤ ᠳᠠᠭᠠᠨ ᠵᠦᠪᠬᠡᠨ ᠲᠤᠬᠠᠢ ᠶᠢᠨ ᠡᠳᠦᠷ ᠨᠢ ᠠᠯᠠᠬᠰᠠᠨ ᠲᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠠᠯ᠎ᠠ ᠨᠤᠲᠤᠭ ᠤᠨ ᠬᠤᠨᠢ ᠶᠢ ᠰᠤᠩᠭᠤᠨ᠎ᠠ᠂ ᠢᠩᠬᠢᠵᠤ ᠤᠨᠴᠠᠯᠢᠭᠲᠤ ᠰᠢᠷᠠᠭᠰᠠᠨ ᠬᠤᠨᠢᠨ ᠭᠤᠶ᠎ᠠ ᠵᠢᠴᠢ ᠪᠤᠭᠤᠲᠤ ᠶᠢᠨ ᠤᠨᠴᠠᠯᠢᠭᠲᠤ ᠠᠮᠲᠠᠲᠤ ᠢᠳᠡᠭᠡᠨ ᠢ ᠭᠤᠣᠯᠯᠠᠨ ᠡᠵᠡᠩᠨᠡᠵᠤ᠂ ᠪᠤᠭᠤᠲᠤ ᠶᠢᠨ ᠡᠯ᠎ᠡ ᠲᠤᠮᠤ ᠠᠮᠲᠠᠲᠤ ᠢᠳᠡᠭᠡᠨ ᠤ ᠲᠠᠪᠴᠠᠩ ᠳᠤ ᠦᠨᠳᠦᠷ ᠦᠨᠡᠯᠡᠯᠲᠡ ᠤᠯᠵᠤ᠂ ᠰᠢᠷᠠᠭᠰᠠᠨ ᠬᠤᠨᠢᠨ ᠭᠤᠶ᠎ᠠ ᠶᠢᠨ ᠠᠮᠲᠠᠲᠤ ᠢᠳᠡᠭᠡᠨ ᠤ ᠨᠡᠷᠡᠰ ᠤᠨ ᠵᠢᠭᠰᠠᠭᠠᠯᠲᠠ ᠳᠤ ᠤᠷᠤᠵᠠᠢ᠃
     ᠰᠢᠩ ᠹᠦ᠋ ᠵᠢᠵᠢᠭ ᠬᠦᠷᠢᠶ᠎ᠡ ᠶᠢᠨ ᠰᠢᠨᠵᠢᠶᠠᠩ ᠤᠨ ᠨᠣᠭᠤᠭ᠎ᠠ      ᠪᠤᠭᠤᠲᠤ ᠶᠢᠨ ᠠᠩᠬᠠᠳᠠᠭᠴᠢ ᠬᠡᠭᠡᠷ᠎ᠡ ᠪᠠᠭᠤᠳᠠᠯᠯᠠᠬᠤ ᠬᠡᠪ ᠨᠠᠮᠪᠠᠭ᠎ᠠ ᠲᠠᠢ ᠰᠢᠨᠵᠢᠶᠠᠩ ᠤᠨ ᠬᠤᠭᠤᠯᠠᠨ ᠭᠡᠷ᠂ ᠭᠡᠷ ᠤᠨ ᠭᠠᠳᠠᠨ᠎ᠠ ᠪᠣᠯ ᠬᠡᠭᠡᠷ᠎ᠡ ᠪᠠᠭᠤᠳᠠᠯᠯᠠᠬᠤ ᠬᠡᠪ ᠨᠠᠮᠪᠠᠭ᠎ᠠ ᠪᠦᠬᠦᠢ ᠭᠤᠣᠯ ᠰᠡᠳᠦᠪᠲᠦ ᠬᠤᠭᠤᠯᠠᠯᠠᠬᠤ ᠮᠠᠶᠢᠬᠠᠨ ᠵᠢᠴᠢ ᠵᠠᠳᠠᠭᠠᠢ ᠦᠷᠦᠭᠡ ᠪᠤᠢ᠂ ᠭᠡᠷ ᠳᠣᠲᠣᠷ᠎ᠠ ᠪᠣᠯ ᠬᠦᠩᠭᠡᠨ ᠠᠵᠤ ᠦᠢᠯᠡᠳᠪᠦᠷᠢ ᠶᠢᠨ ᠬᠡᠪ ᠨᠠᠮᠪᠠᠭ᠎ᠠ ᠲᠠᠢ ᠬᠡᠭᠡᠷ᠎ᠡ ᠪᠠᠭᠤᠳᠠᠯᠯᠠᠬᠤ ᠭᠤᠣᠯ ᠰᠡᠳᠦᠪᠲᠦ ᠬᠤᠭᠤᠯᠠᠨ ᠲᠢᠩᠬᠢᠮ ᠵᠢᠴᠢ ᠪᠢᠳᠡᠬᠦᠦ ᠥᠷᠥᠭᠡ ᠪᠣᠯᠤᠨ᠎ᠠ᠂ ᠭᠤᠣᠯᠳᠠᠭᠤ ᠰᠢᠨᠵᠢᠶᠠᠩ ᠤᠨ ᠲᠤᠮᠤ ᠫᠢᠯᠡᠲᠦ ᠲᠠᠬᠢᠶ᠎ᠠ᠂ ᠬᠡᠷᠴᠢᠮᠡᠯ ᠬᠤᠨᠢᠨ ᠮᠢᠬ᠎ᠠ ᠲᠠᠢ ᠪᠠᠵᠢᠮᠠᠯ ᠪᠤᠳᠠᠭ᠎ᠠ ᠠᠪᠤᠳᠦ᠋ ᠰᠢᠷᠠᠭᠰᠠᠨ ᠬᠤᠨᠢᠨ ᠮᠢᠬᠠᠨ ᠤ ᠱᠤᠷᠤᠯᠢᠭ ᠵᠡᠷᠭᠡ ᠵᠢᠩᠬᠢᠨᠢ ᠰᠢᠨᠵᠢᠶᠠᠩ ᠤᠨ ᠤᠨᠴᠠᠯᠢᠬᠳᠤ ᠠᠮᠲᠠᠲᠤ ᠢᠳᠡᠭᠡᠨ ᠢ ᠡᠵᠩᠨᠡᠵᠦ᠂ 2023 ᠣᠨ ᠤ 4 ᠰᠠᠷ᠎ᠠ ᠳᠤ ᠵᠢᠩᠬᠢᠨᠢ ᠪᠠᠷ ᠡᠵᠡᠩᠨᠡᠯᠲᠡ ᠪᠠᠨ ᠡᠬᠢᠯᠡᠭᠦᠯᠦᠭᠰᠡᠨ ᠠᠴᠠ ᠨᠠᠭᠠᠰᠢ᠂ ᠡᠳᠦᠷ ᠪᠦᠷᠢ 800 ᠭᠠᠷᠤᠢ ᠬᠥᠮᠦᠨ ᠢ ᠬᠦᠯᠢᠶᠡᠨ ᠠᠪᠴᠤ᠂ ᠬᠡᠷᠡᠭᠯᠡᠭᠴᠢᠳ ᠤᠨ ᠪᠠᠭ᠋ᠠᠷᠬᠠᠯ ᠢ ᠶᠡᠬᠡᠳᠡ ᠣᠯᠵᠠᠢ᠃
     ᠵᠢᠦ ᠶᠤᠸᠠᠢ  ᠭᠤᠱᠤᠭᠤᠨ ᠰᠢᠷᠠᠭᠰᠠᠨ ᠨᠤᠭᠤᠰᠤ     ᠭᠤᠤᠯᠳᠠᠭᠤ ᠴᠧᠩᠳᠦ᠋ ᠶᠢᠨ ᠰᠦᠯᠵᠢᠶᠠᠨ ᠤ ᠬᠠᠯᠠᠮᠰᠢᠯ ᠢᠳᠡᠭᠡᠨ — ᠭᠤᠱᠤᠭᠤᠨ ᠰᠢᠷᠠᠭᠰᠠᠨ ᠨᠤᠭᠤᠰᠤ᠂  ᠭᠤᠱᠤᠭᠤᠨ ᠦᠬᠡᠷ ᠤᠨ ᠬᠦᠵᠡᠭᠡ ᠵᠡᠷᠭᠡ ᠣᠨᠴᠠᠯᠢᠭᠲᠤ ᠨᠣᠭᠤᠭ᠎ᠠ ᠶᠢ ᠡᠵᠡᠩᠨᠡᠵᠤ ᠪᠤᠢ᠃ ᠭᠤᠱᠤᠭᠤᠨ ᠰᠢᠷᠠᠭᠰᠠᠨ ᠨᠤᠭᠤᠰᠤ ᠶᠢᠨ ᠣᠨᠴᠠᠭᠠᠶ ᠲᠠᠯ᠎ᠠ ᠭᠡᠪᠡᠯ᠂ ᠭᠤᠱᠤᠭᠤᠨ ᠨᠤᠭᠤᠭ᠎ᠠ ᠶᠢᠨ ᠱᠥᠯᠥ ᠨᠢ ᠰᠢᠷᠠᠭᠰᠠᠨ ᠨᠤᠭᠤᠰᠤ ᠶᠢᠨ ᠳᠣᠲᠣᠷ᠎ᠠ ᠪᠦᠷᠢᠮᠦᠰᠦᠨ ᠨᠡᠪᠴᠢᠵᠦ ᠣᠷᠣᠬᠤ ᠪᠦᠭᠡᠳ ᠳᠡᠭᠡᠷ᠎ᠡ ᠨᠢ ᠰᠢᠷᠠᠭᠰᠠᠨ ᠨᠤᠭᠤᠰᠤ ᠶᠢᠨ ᠲᠤᠰ ᠪᠠᠶ᠎ᠠ ᠶᠢᠨ ᠬᠢᠨᠢ ᠬᠡᠤᠷᠡᠭ ᠠᠩᠬᠢᠯᠤᠮ᠎ᠠ ᠠᠮᠳᠠ ᠲᠠᠢ ᠨᠠᠶᠢᠯᠠᠵᠤ᠂ ᠦᠷᠭᠡᠨ ᠤᠯᠠᠨ ᠬᠡᠷᠡᠭᠯᠡᠭᠴᠢᠳ ᠤᠨ ᠲᠤᠷᠠᠰᠢᠯ ᠢ ᠬᠦᠳᠡᠯᠭᠡᠬᠦ ᠠᠮᠳᠠᠳᠤ ᠢᠳᠡᠭᠡᠨ ᠢ ᠪᠣᠯᠭᠠᠳᠠᠭ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号