ᠨᠢᠬᠡ᠂ ᠡᠴᠢᠭᠡ ᠡᠬᠡ ᠳᠡᠭᠡᠨ ᠬᠠᠨᠳᠤᠬᠤ ᠣᠪᠣᠷ᠃ ᠡᠴᠢᠬᠡ ᠡᠬᠡ ᠲᠠᠢ ᠪᠠᠨ ᠬᠠᠷᠢᠯᠴᠠᠬᠤ ᠳᠠᠭᠠᠨ ᠪᠢᠳᠡ ᠶᠡᠷᠦ | ᠨᠢ ᠶᠠᠭᠤ ᠶᠢ ᠴᠤ ᠬᠠᠮᠢᠶᠠᠷᠬᠤ ᠦᠭᠡᠢ ᠪᠦᠳᠦᠬᠦᠯᠢᠭ ᠪᠠᠶᠢᠳᠠᠭ᠂ ᠡᠶᠢᠮᠦ ᠠᠴᠠ ᠬᠥᠮᠥᠨ ᠤ ᠦᠨᠡᠨ ᠪᠤᠳᠠᠳᠦ ᠵᠠᠩ | ᠰᠤᠷᠲᠠᠯ ᠢ ᠬᠠᠮᠤᠭ ᠠᠴᠠ ᠢᠯᠡᠭᠦᠦ ᠬᠠᠷᠠᠭᠤᠯᠵᠦ ᠴᠢᠳᠠᠳᠠᠭ ᠬᠠᠷᠢᠯᠴᠠᠭ᠎ᠠ ᠪᠤᠯ ᠭᠡᠷ ᠵᠠᠭᠤᠷ᠎ᠠ ᠶᠢᠨ ᠡᠴᠢᠬᠡ ᠡᠬᠡ ᠲᠠᠢ | ᠪᠠᠨ ᠬᠠᠷᠢᠯᠴᠠᠬᠤ ᠬᠠᠷᠢᠯᠴᠠᠭ᠎ᠠ ᠶᠤᠮ᠃ | ᠵᠠᠷᠢᠮ ᠬᠥᠮᠥᠨ ᠶᠡᠷᠦ ᠨᠢ ᠠᠪᠤ ᠡᠵᠢ ᠶᠢᠨ ᠢᠶᠠᠨ ᠡᠮᠦᠨ᠎ᠡ ᠪᠡᠶ᠎ᠡ ᠪᠠᠨ ᠦᠴᠦᠬᠡᠨ ᠴᠦ ᠪᠠᠷᠢᠬᠤ ᠦᠬᠡᠢ | ᠪᠠᠶᠢᠵᠦ᠂ ᠲᠡᠳᠡ ᠥᠪᠡᠷ ᠢ ᠨᠢ ᠠᠭᠤᠴᠢᠯᠠᠨ ᠪᠠᠭᠲᠠᠭᠠᠬᠤ ᠶᠢ ᠵᠦᠢ ᠶᠣᠰᠣᠨ ᠤ ᠶᠠᠪᠤᠳᠠᠯ ᠢᠶᠠᠷ ᠦᠵᠡᠳᠡᠭ᠃ | ᠳᠣᠲᠣᠨᠣ ᠶᠢᠨ ᠬᠥᠮᠥᠨ ᠠᠴᠠ ᠪᠠᠨ ᠥ ᠡᠷᠢᠬᠦ ᠪᠣᠯ ᠲᠥᠷᠥᠯᠬᠢ ᠶᠢᠨ ᠵᠠᠩ ᠶᠤᠮ᠂ ᠭᠡᠪᠡᠴᠦ ᠡᠬᠦᠨ ᠢ ᠲᠡᠪᠴᠢᠵᠦ᠂ | ᠳᠣᠲᠣᠨᠣ ᠬᠥᠮᠥᠨ ᠠᠴᠠ ᠪᠠᠨ ᠥ ᠰᠡᠪ ᠡᠷᠢᠬᠦ ᠦᠭᠡᠢ ᠡᠪᠳᠡᠢ ᠬᠠᠷᠢᠯᠴᠠᠬᠤ ᠪᠣᠯ ᠨᠢᠭᠡ ᠵᠦᠢᠯ ᠤᠨ ᠪᠤᠯᠪᠠᠰᠣᠷᠠᠯ | ᠶᠤᠮ ᠰᠢᠦ᠃ | ᠬᠤᠶᠠᠷ᠂ ᠠᠰᠢᠭ ᠲᠤᠰᠠ ᠳᠤ ᠬᠠᠨᠳᠤᠬᠤ ᠣᠪᠣᠷ᠃ ᠠᠰᠢᠭ ᠲᠤᠰᠠ ᠶᠢᠨ ᠡᠮᠦᠨ᠎ᠡ᠂ ᠬᠥᠮᠥᠨ ᠬᠠᠮᠤᠭ ᠠᠴᠠ | ᠠᠮᠠᠷᠬᠠᠨ ᠳᠠᠨᠢᠬᠳᠠᠳᠠᠭ᠃ ᠬᠡᠷᠪᠡ ᠨᠢᠭᠡ ᠬᠥᠮᠥᠨ ᠡᠳ᠋ ᠮᠦᠩᠬᠦᠨ ᠳᠤ ᠨᠢᠳᠦ ᠨᠢ ᠬᠡᠳᠦ ᠤᠯᠠᠶᠢᠵᠦ᠂ ᠪᠤᠰᠤᠳ ᠢ | ᠪᠤᠳᠤᠬᠤ ᠦᠭᠡᠢ ᠪᠤᠯ᠂ ᠵᠠᠮ ᠢᠶᠠᠨ ᠦᠪᠡᠷ ᠢᠶᠠᠨ ᠬᠠᠭᠠᠵᠦ᠂ ᠬᠦᠮᠦᠨ ᠢᠶᠠᠨ ᠪᠠᠷᠠᠬᠤ ᠪᠤᠯᠤᠨ᠎ᠠ᠃ | ᠭᠤᠷᠪᠠ᠂ ᠪᠠᠭᠤᠷᠠᠢ ᠳᠤ ᠬᠠᠨᠳᠤᠬᠤ ᠣᠪᠣᠷ᠃ ᠨᠢᠭᠡ ᠬᠥᠮᠥᠨ ᠤ ᠵᠢᠵᠢᠭ ᠪᠠᠭᠤᠷᠠᠢ ᠳᠤ ᠬᠠᠨᠳᠤᠬᠤ ᠣᠪᠣᠷ | ᠨᠢ ᠲᠡᠭᠦᠨ ᠤ ᠪᠤᠯᠪᠠᠰᠣᠷᠠᠯ ᠪᠠ ᠬᠢᠷᠢ ᠬᠡᠮᠵᠢᠶ᠎ᠡ ᠶᠢ ᠬᠠᠮᠤᠭ ᠠᠴᠠ ᠰᠠᠶᠢᠨ ᠬᠠᠷᠠᠭᠤᠯᠵᠦ ᠴᠢᠳᠠᠳᠠᠭ᠃ | ᠥᠪᠡᠷ ᠤᠨ ᠴᠢᠳᠠᠪᠤᠷᠢ ᠥᠨᠳᠥᠷ ᠬᠡᠳ ᠣᠮᠣᠷᠬᠠᠭ ᠳᠡᠭᠡᠷᠡᠩᠭᠦᠢ ᠣᠪᠣᠷ ᠢᠶᠠᠷ ᠪᠤᠰᠤᠳ ᠲᠠᠢ ᠬᠠᠷᠢᠴᠠᠪᠠᠯ᠂ | ᠥᠪᠡᠷ ᠤᠨ ᠪᠡᠶ᠎ᠡ ᠳᠡᠭᠡᠨ ᠥᠩᠭᠡ ᠬᠢᠯᠪᠠᠭ᠎ᠠ ᠨᠡᠮᠡᠷᠢᠯᠡᠵᠦ ᠴᠢᠳᠠᠬᠤ ᠦᠭᠡᠢ ᠮᠥᠷᠲᠡᠭᠡᠨ ᠢᠪᠴᠤᠤ ᠪᠠᠭᠤᠷᠠᠢ ᠲᠠᠯ᠎ᠠ | ᠪᠠᠨ ᠮᠡᠳᠡᠭᠳᠡᠬᠦ ᠪᠤᠯᠤᠨ᠎ᠠ᠃ ᠬᠠᠷᠢᠨ ᠵᠢᠩᠬᠢᠨᠢ ᠰᠢᠯᠢᠳᠡᠭ ᠬᠥᠮᠥᠨ ᠬᠡᠵᠢᠶᠡᠳᠡ ᠳᠠᠷᠣᠣ ᠪᠠᠶᠢᠳᠠᠭ ᠶᠤᠮ᠃ | | ᠳᠦᠷᠪᠡ᠂ ᠠᠮᠠᠯᠠᠯᠲᠠ ᠳᠤ ᠬᠠᠨᠳᠤᠬᠤ ᠣᠪᠣᠷ᠃ ᠦᠨᠡᠨᠴᠢ ᠢᠲᠡᠭᠡᠮᠵᠢᠲᠡᠢ ᠪᠠᠶᠢᠬᠤ ᠪᠣᠯ ᠣᠷᠣᠰᠢᠨ | ᠲᠣᠭᠲᠠᠨᠢᠬᠤ ᠶᠢᠨ ᠦᠨᠳᠦᠰᠦ ᠮᠥᠨ᠂ ᠪᠠᠰᠠ ᠴᠤ ᠬᠥᠮᠥᠨ ᠪᠣᠯᠬᠤ ᠶᠢᠨ ᠦᠨᠳᠦᠰᠦᠨ ᠶᠣᠰᠣ ᠮᠣᠷᠠᠯ ᠤᠨ ᠪᠠᠷᠢᠮᠵᠢᠶ᠎ᠠ | ᠶᠤᠮ᠃ ᠪᠤᠰᠤᠳ ᠲᠤ ᠠᠮᠠᠯᠠᠬᠰᠠᠨ ᠢᠶᠠᠨ ᠬᠡᠵᠢᠶᠡᠳᠡ ᠪᠡᠶᠡᠯᠡᠬᠦᠯᠵᠦ᠂ ᠬᠢᠵᠦ ᠴᠢᠳᠠᠬᠤ ᠦᠬᠡᠢ ᠪᠤᠯ ᠬᠤᠭᠤᠰᠣᠨ | ᠦᠭᠡ ᠶᠠᠷᠢᠬᠤ ᠦᠭᠡᠢ ᠪᠠᠶᠢᠬᠤ ᠨᠢ ᠰᠠᠶᠢᠨ᠃ |