ᠡᠶᠢᠮᠦ ᠬᠠᠯᠠᠭᠤᠨ ᠢ ᠬᠠᠳᠠᠭᠠᠯᠠᠬᠤ ᠴᠣᠮᠣ ᠨᠢ ᠬᠠᠯᠠᠭᠤᠨ ᠤᠰᠤ ᠶᠢ ᠬᠤᠤᠷᠲᠤ ᠤᠰᠤ ᠪᠤᠯᠭᠠᠵᠤ ᠪᠠᠶᠢᠨ᠎ᠠ ᠰᠢᠦ᠂ ᠲᠠ ᠶᠠᠭ ᠬᠡᠷᠡᠭᠯᠡᠵᠦ ᠪᠠᠶᠢᠬᠤ ᠮᠠᠭᠠᠳ ᠦᠭᠡᠢ ᠬᠢᠴᠢᠶᠡᠭᠡᠷᠡᠢ︕
ᠨᠡᠶᠢᠲᠡᠯᠡᠭᠰᠡᠨ ᠴᠠᠭ᠄
2024/1/5
    ᠵᠠᠬ᠎ᠠ ᠳᠡᠯᠭᠡᠭᠦᠷ ᠲᠡᠭᠡᠷ᠎ᠡ ᠬᠠᠯᠠᠭᠤᠨ ᠢ ᠬᠠᠳᠠᠭᠠᠯᠠᠬᠤ ᠴᠣᠮᠣ ᠮᠢᠩᠭ᠎ᠠ ᠲᠦᠮᠡᠨ ᠵᠦᠢᠯ ᠤᠨ ᠪᠤᠢ᠂ ᠬᠡᠷᠪᠡ ᠬᠢᠴᠢᠶᠡᠮᠵᠢ ᠥᠬᠡᠶ ᠪᠠᠷ ᠴᠢᠨᠠᠷ ᠮᠠᠭᠤᠲᠠᠶ ᠬᠠᠯᠠᠭᠤᠨ ᠢ ᠬᠠᠳᠠᠭᠠᠯᠠᠬᠤ ᠴᠣᠮᠣ ᠠᠪᠤᠪᠠᠯ ᠡᠷᠡᠭᠦᠯ ᠮᠡᠨᠳᠦ ᠳᠤ ᠳᠠᠯᠳᠠ ᠬᠡᠮ ᠠᠪᠴᠢᠷᠠᠵᠤ ᠮᠡᠳᠡᠨ᠎ᠡ᠃             ᠶᠠᠮᠠᠷ ᠶᠠᠩᠵᠤ ᠶᠢᠨ ᠬᠠᠯᠠᠭᠤᠨ ᠢ ᠬᠠᠳᠠᠭᠠᠯᠠᠬᠤ ᠴᠣᠮᠣ ᠶᠢ ᠬᠡᠷᠡᠭᠯᠡᠵᠦ ᠪᠣᠯᠬᠤ ᠦᠭᠡᠢ ᠪᠣᠢ︖             ᠣᠳᠣᠬᠠᠨ ᠳᠤ ᠬᠠᠯᠠᠭᠤᠨ ᠴᠣᠮᠣ ᠶᠢᠨ ᠵᠠᠬ᠎ᠠ ᠳᠡᠯᠭᠡᠭᠦᠷ ᠳᠡᠭᠡᠷ᠎ᠡ ᠨᠡᠯᠢᠶᠡᠳ ᠣᠯᠠᠨ ᠭᠠᠷᠴᠤ ᠪᠠᠶᠢᠭ᠎ᠠ ᠨᠢ ᠲᠤᠰ ᠲᠤᠰ 201᠂ 304 ᠪᠠ 316 ᠭᠡᠬᠦ ︽ᠣᠷᠣᠯᠠᠬᠤ ᠲᠡᠮᠳᠡᠭ︾ ᠪᠦᠬᠦᠢ ᠭᠤᠷᠪᠠᠨ ᠵᠦᠢᠯ ᠤᠨ ᠵᠢᠪᠡᠷᠡᠬᠦ ᠥᠬᠡᠶ ᠪᠣᠯᠣᠳ ᠢᠶᠠᠷ ᠲᠤᠳᠤᠷ ᠬᠢᠭᠰᠡᠨ ᠴᠤᠮᠤ ᠪᠣᠯᠤᠨ᠎ᠠ᠃             ᠰᠣᠨᠢᠨ ᠮᠡᠳᠡᠭᠡᠨ ᠳᠤ ᠨᠡᠶᠢᠳᠡᠯᠡᠭᠰᠡᠨ ᠬᠢᠷᠢ ᠲᠡᠩᠴᠡᠬᠦ ᠦᠭᠡᠶ ᠬᠠᠯᠠᠭᠤᠨ ᠢ ᠬᠠᠳᠠᠭᠠᠯᠠᠬᠤ ᠴᠣᠮᠣ ᠶᠢᠨ ᠣᠯᠠᠩᠬᠢ ᠨᠢ 201 ᠵᠢᠪᠡᠷᠡᠬᠦ ᠦᠭᠡᠶ ᠪᠣᠯᠣᠳ ᠢᠶᠠᠷ ᠴᠤᠮᠤ ᠶᠢᠨ ᠲᠤᠳᠤᠷ ᠢ ᠨᠢ ᠬᠢᠵᠡᠢ᠃ 201 ᠵᠢᠪᠡᠷᠡᠬᠦ ᠦᠭᠡᠢ ᠪᠣᠯᠣᠳ ᠢᠶᠠᠷ ᠲᠤᠳᠤᠷ ᠬᠢᠭᠰᠡᠨ ᠬᠠᠯᠠᠭᠤᠨ ᠢ ᠬᠠᠳᠠᠭᠠᠯᠠᠬᠤ ᠴᠣᠮᠣ ᠨᠢ ᠬᠡᠳᠦ᠋ᠢᠪᠡᠷ ᠮᠠᠰᠢ ᠬᠢᠮᠳᠠ ᠪᠣᠯᠪᠠᠴᠤ ᠬᠤᠳᠠᠯᠳᠤᠨ ᠠᠪᠬᠤ ᠶᠢ ᠰᠠᠨᠠᠭᠠᠴᠢᠯᠠᠬᠤ ᠦᠭᠡᠢ᠃ ᠤᠴᠢᠷ ᠨᠢ ᠡᠨᠡ ᠬᠦ 201 ᠵᠢᠪᠡᠷᠡᠬᠦ ᠦᠭᠡᠢ ᠪᠤᠯᠤᠳ ᠨᠢ ᠢᠳᠡᠭᠡᠨ ᠤ ᠲᠡᠰ ᠤᠨ ᠮᠠᠲ᠋ᠧᠷᠢᠶᠠᠯ ᠪᠢᠰᠢ᠂ ᠠᠵᠤ ᠦᠢᠯᠡᠳᠪᠦᠷᠢ ᠶᠢᠨ ᠬᠡᠷᠡᠭᠯᠡᠭᠡᠨ ᠤ ᠮᠠᠲ᠋ᠧᠷᠢᠶᠠᠯ ᠪᠣᠯᠤᠨ᠎ᠠ᠂ ᠡᠭᠦᠨ ᠢ ᠤᠯᠠᠩᠭᠢ ᠳᠠᠭᠠᠨ ᠴᠢᠮᠡᠭᠯᠡᠯ ᠤᠨ ᠬᠤᠭᠤᠯᠠᠶ᠂ ᠠᠵᠤ ᠦᠢᠯᠡᠳᠪᠦᠷᠢ ᠶᠢᠨ ᠬᠤᠭᠤᠯᠠᠶ ᠪᠣᠯᠤᠨ ᠭᠠᠷ ᠴᠠᠭ ᠤᠨ ᠤᠭᠤᠰᠤᠷ ᠬᠢᠬᠦ ᠳᠤ ᠬᠡᠷᠡᠭᠯᠡᠳᠡᠭ᠃ 201 ᠵᠢᠪᠡᠷᠡᠬᠦ ᠦᠭᠡᠢ ᠪᠤᠯᠤᠳ ᠨᠢ ᠮᠠᠩᠭᠠᠨ ᠤ ᠠᠭᠤᠯᠤᠭᠳᠠᠴᠠ ᠪᠠᠷ    ᠥᠨᠳᠥᠷ᠂ ᠢᠳᠡᠭᠳᠡᠯ ᠳᠤ ᠳᠠᠭᠠᠭᠠᠮᠠᠭᠠᠶ ᠴᠢᠨᠠᠷ ᠢᠶᠠᠷ ᠠᠨᠠᠶ ᠪᠠᠶᠢᠳᠠᠭ ᠪᠤᠯᠬᠤᠷ ᠬᠡᠷᠪᠡ ᠲᠡᠭᠦᠨ ᠢᠶᠠᠷ ᠬᠠᠯᠠᠭᠤᠨ ᠢ ᠬᠠᠳᠠᠭᠠᠯᠠᠬᠤ ᠴᠣᠮᠣ ᠶᠢᠨ ᠲᠤᠳᠤᠷ ᠬᠢᠪᠡᠯ᠂ ᠤᠷᠲᠦ ᠬᠤᠭᠤᠴᠠᠭ᠎ᠠ ᠪᠠᠷ ᠬᠦᠴᠢᠯᠯᠢᠭ ᠪᠣᠳᠠᠰ ᠬᠠᠳᠠᠭᠠᠯᠠᠬᠳᠠᠵᠤ᠂ ᠮᠠᠩᠭᠠᠨ ᠤ ᠡᠯᠧᠮᠧᠨ᠋ᠲ ᠢᠯᠭᠠᠷᠠᠭᠤᠯᠤᠨ ᠭᠠᠷᠭᠠᠵᠤ ᠮᠡᠳᠡᠨ᠎ᠡ᠃ ᠲᠡᠮᠦᠷᠯᠢᠭ ᠮᠠᠩᠭᠠᠨ ᠪᠣᠯ ᠬᠥᠮᠦᠨ ᠤ ᠪᠡᠶ᠎ᠡ ᠳᠤ ᠵᠠᠪᠠᠯ ᠱᠠᠭᠠᠷᠳᠠᠭᠳᠠᠬᠤ ᠪᠢᠴᠢᠯ ᠡᠯᠧᠮᠧᠨ᠋ᠲ ᠮᠥᠨ᠂ ᠭᠡᠪᠡᠴᠦ ᠮᠠᠩᠭᠠᠨ ᠢ ᠬᠡᠲᠦᠷᠡᠲᠡᠯ᠎ᠡ ᠡᠳ᠋ᠯᠡᠪᠡᠯ ᠪᠡᠶ᠎ᠡ ᠮᠠᠬᠠᠪᠣᠳ ᠢ ᠭᠡᠮᠲᠦᠭᠡᠨ᠎ᠡ᠂ ᠢᠯᠠᠩᠭᠤᠶ᠎ᠠ ᠮᠡᠳᠡᠷᠡᠯ ᠤᠨ ᠰᠢᠰᠲ᠋ᠧᠮ ᠢ ᠭᠡᠮᠲᠦᠭᠡᠨ᠎ᠡ᠃             ᠠᠮᠤᠷ ᠲᠦᠪᠰᠢᠨ ᠤ  ᠪᠠᠷᠢᠮᠵᠢᠶ᠎ᠠ ᠳᠤ ᠨᠡᠶᠢᠴᠡᠭᠰᠡᠨ᠂ 304᠂ 316  ᠪᠤᠶᠤ ︽ᠢᠳᠡᠭᠡᠨ ᠤᠮᠳᠠᠭᠠᠨ ᠢ ᠬᠦᠷᠦᠯᠴᠡᠭᠦᠯᠦᠨ ᠬᠡᠷᠡᠭᠯᠡᠵᠦ ᠪᠤᠯᠬᠤ︾ ᠵᠢᠪᠡᠷᠡᠬᠦ ᠥᠬᠡᠶ  ᠪᠣᠯᠣᠳ ᠢ ᠰᠣᠩᠭᠤᠪᠠᠯ ᠠᠶᠤᠯᠭᠦᠶ ᠴᠢᠨᠠᠷ ᠪᠠ ᠢᠳᠡᠭᠳᠡᠯ ᠳᠤ ᠳᠠᠭᠠᠭᠠᠮᠠᠭᠠᠶ ᠴᠢᠨᠠᠷ ᠤᠨ ᠲᠠᠯ᠎ᠠ ᠪᠠᠷ ᠨᠠᠩ ᠪᠠᠲᠤᠯᠠᠭ᠎ᠠ ᠲᠠᠢ ᠪᠣᠯᠤᠨ᠎ᠠ᠃           ᠬᠠᠯᠠᠭᠤᠨ ᠢ ᠬᠠᠳᠠᠭᠠᠯᠠᠬᠤ ᠴᠣᠮᠣ ᠬᠡᠷᠡᠭᠯᠡᠬᠦ ᠶᠢᠨ ᠲᠠᠪᠤᠨ ᠴᠡᠭᠡᠷ             1. ᠴᠤᠮᠤ ᠳᠤ ᠦᠨᠢᠶᠡᠨ ᠰᠦ᠂ ᠪᠤᠷᠴᠠᠭ ᠤᠨ ᠡᠭᠡᠳᠡᠩ ᠢ ᠬᠢᠵᠦ ᠪᠣᠯᠬᠤ ᠦᠭᠡᠢ᠃             2. ᠴᠠᠶ ᠴᠢᠯᠡᠵᠦ ᠪᠣᠯᠬᠤ ᠥᠬᠡᠶ᠃             3. ᠬᠢᠲᠠᠳ ᠡᠮ ᠬᠢᠵᠦ ᠠᠪᠴᠤ ᠶᠠᠪᠤᠵᠤ ᠪᠣᠯᠬᠤ ᠦᠭᠡᠢ᠃             4. ᠬᠤᠭᠤᠯᠠᠢ ᠵᠢᠮᠢᠰ᠂ ᠴᠢᠪᠠᠭ᠎ᠠ ᠶᠢ ᠴᠤᠮᠤ ᠳᠤ ᠬᠢᠵᠦ ᠳᠡᠪᠲᠦᠭᠡᠵᠦ ᠦᠭᠡᠢ᠃             5. ᠴᠤᠮᠤ ᠳᠤ ᠨᠡᠭᠦᠷᠡᠰᠦᠬᠦ᠋ᠴᠢᠯ ᠤᠨ ᠤᠮᠳᠠᠭᠠᠨ ᠪᠣᠯᠤᠨ ᠵᠢᠮᠢᠰ ᠤᠨ ᠰᠢᠭᠦᠰᠦ ᠶᠢᠨ ᠨᠡᠭᠦᠷᠡᠰᠦᠬᠦ᠋ᠴᠢᠯ ‍ᠤᠨ‌ᠤᠮᠳᠠᠭᠠᠨ ᠢ ᠬᠢᠵᠦ ᠪᠣᠯᠬᠤ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号