ᠡᠶᠢᠮᠦᠷᠬᠦ ᠡᠪᠡᠳᠴᠢᠨ ᠶᠡᠬᠡᠪᠡᠷ ᠦᠷᠪᠢᠰᠦᠨ ᠲᠡᠯᠭᠡᠷᠡᠬᠦ ᠬᠤᠭᠤᠴᠠᠭᠠᠨ ᠳᠤ ᠤᠷᠤᠬᠰᠠᠨ ᠪᠤᠯᠬᠤᠷ ᠬᠡᠦᠬᠡᠳ ᠲᠠᠢ ᠬᠦᠮᠦᠰ ᠡᠷᠭᠡᠪᠰᠢ ᠠᠩᠬᠠᠷᠬᠤ ᠭᠡᠷᠡᠭᠳᠡᠢ︕
ᠨᠡᠶᠢᠲᠡᠯᠡᠭᠰᠡᠨ ᠴᠠᠭ᠄
2024/10/12
      ᠭᠠᠷ ᠬᠥᠯ ᠠᠮᠠᠨ ᠤ ᠡᠪᠡᠳᠴᠢᠨ ᠶᠡᠬᠡᠪᠡᠷ ᠦᠷᠪᠢᠰᠦᠨ ᠲᠡᠯᠭᠡᠷᠡᠬᠦ ᠬᠤᠭᠤᠴᠠᠭᠠᠨ ᠳᠤ ᠤᠷᠤᠪᠠ᠃ ᠡᠶᠢᠮᠦᠷᠬᠦ ᠲᠦᠷᠭᠡᠨ ᠴᠢᠨᠠᠷᠲᠠᠢ ᠬᠠᠯᠳᠠᠪᠤᠷᠢᠲᠤ ᠡᠪᠡᠳᠴᠢᠨ ᠨᠢ 5 ᠨᠠᠰᠤ ᠵᠢᠴᠢ ᠲᠡᠭᠦᠨ ᠠᠴᠠ ᠲᠤᠷᠤᠬᠰᠢᠬᠢ ᠨᠠᠰᠤᠨ ᠤ ᠬᠡᠦᠬᠡᠳ ᠲᠤ ᠡᠭᠦᠰᠳᠡᠭ᠂ ᠡᠨᠡ ᠡᠪᠡᠳᠴᠢᠨ ᠳᠤ ᠬᠡᠦᠬᠡᠳ ᠨᠡᠷᠪᠡᠭᠳᠡᠬᠦ ᠳᠤ ᠬᠦᠷᠪᠡᠯ ᠬᠠᠯᠠᠭᠤᠷᠠᠵᠦ᠂ ᠭᠠᠷ ᠬᠥᠯ ᠦᠭᠡᠵᠡᠭ ᠲᠡᠭᠡᠷ᠎ᠡ ᠨᠢ ᠡᠰᠡᠷᠭᠡᠨ᠎ᠡ ᠭᠠᠷᠴᠤ᠂ ᠠᠮᠠᠨ ᠲᠡᠭᠡᠷ᠎ᠡ ᠨᠢ ᠴᠦᠪᠦᠷᠢᠬᠦᠳᠦ ᠡᠰᠡᠷᠭᠡᠨ᠎ᠡ ᠵᠡᠷᠭᠡ ᠭᠠᠷᠳᠠᠭ᠂ ᠴᠥᠭᠡᠨ ᠲᠣᠭᠠᠨ ᠤ ᠬᠡᠦᠬᠡᠳ ᠨᠢ ᠪᠠᠰᠠ ᠬᠦᠨᠳᠦ ᠡᠪᠡᠳᠴᠢᠨ ᠪᠣᠯᠵᠤ ᠬᠤᠪᠢᠷᠠᠨ᠂ ᠮᠡᠳᠡᠷᠡᠯ ᠤᠨ ᠰᠢᠰᠲ᠋ᠧᠮ ᠤᠨ ᠳᠠᠪᠬᠤᠴᠠᠭᠰᠠᠨ ᠡᠪᠡᠳᠴᠢᠨ ᠪᠤᠯᠬᠤ ᠪᠤᠶᠤ ᠣᠯᠠᠨ ᠡᠷᠬᠡᠲᠡᠨ ᠨᠢ ᠮᠠᠭᠤᠳᠠᠵᠤ ᠲᠤᠷᠦ᠋ᠢᠳᠠᠳᠠᠭ᠂ ᠨᠡᠩ ᠬᠦᠨᠳᠦ ᠨᠣᠴᠢᠲᠠᠶ ᠨᠢ ᠴᠢᠨᠠᠭᠰᠢᠯᠠᠨ ᠦᠬᠦᠳᠡᠭ ᠪᠠᠶᠢᠨ᠎ᠠ᠃      ᠰᠤᠷᠭᠠᠭᠤᠯᠢ᠂ ᠬᠡᠤᠬᠡᠳ ᠰᠠᠭᠠᠲᠠᠭᠤᠯᠬᠤ ᠪᠠᠶᠢᠭᠤᠯᠤᠮᠵᠢ᠂ ᠬᠡᠤᠬᠡᠳ ᠤᠨ ᠵᠤᠭ᠎ᠠ ᠴᠡᠩᠭᠡᠯ ᠤᠨ ᠲᠠᠯᠠᠪᠤᠷ ᠵᠡᠷᠭᠡ ᠬᠥᠮᠦᠨ ᠬᠠᠷ᠎ᠠ ᠬᠤᠷᠠᠵᠦ ᠴᠤᠬᠯᠠᠷᠠᠳᠠᠭ ᠭᠠᠵᠠᠷ ᠲᠤ ᠴᠤᠭᠯᠠᠷᠠᠯ ᠤᠨ ᠴᠢᠨᠠᠷᠲᠠᠶ ᠬᠢᠵᠢᠭ ᠡᠭᠦᠰᠬᠦ ᠲᠦᠭᠰᠢᠭᠦᠷᠢ ᠨᠡᠯᠢᠶᠡᠳ ᠥᠨᠳᠥᠷ ᠪᠠᠶᠢᠭ᠎ᠠ ᠪᠤᠯᠬᠤᠷ ᠬᠡᠷ ᠤᠨ ᠠᠬᠠᠮᠠᠳ ᠪᠣᠯᠤᠨ ᠪᠠᠭᠰᠢ ᠨᠠᠷ ᠡᠷᠬᠡᠪᠰᠢ ᠬᠡᠤᠬᠡᠳ ᠤᠨ ᠭᠠᠷ᠂    ᠬᠦᠯ᠂ ᠠᠮᠠ ᠵᠡᠷᠭᠡ ᠭᠠᠵᠠᠷ ᠤᠨ ᠡᠪᠡᠳᠴᠢᠨ ᠤ ᠢᠯᠡᠷᠡᠯ ᠰᠢᠨᠵᠢ ᠶᠢ ᠢᠯᠡᠭᠦᠬᠡᠨ ᠠᠩᠬᠠᠷᠬᠤ ᠭᠡᠷᠡᠭᠳᠡᠢ᠂ ᠬᠡᠪ ᠤᠨ ᠪᠤᠰᠤ ᠪᠠᠶᠢᠳᠠᠯ ᠢ ᠣᠯᠵᠤ ᠮᠡᠳᠡᠪᠡᠯ ᠴᠠᠭ ᠲᠤᠬᠠᠶ ᠳᠤᠨᠢ ᠡᠮᠨᠡᠭᠦᠯᠬᠦ ᠬᠡᠷᠡᠭᠲᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号