10 ᠰᠠᠷ᠎ᠠ ᠶᠢᠨ 24 ᠤ ᠡᠳᠦᠷ᠂ ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ | ᠳᠤᠮᠳᠠᠳᠤ ᠤᠯᠤᠰ ᠤᠨ ᠤᠷᠠᠨ ᠵᠢᠷᠤᠭ ᠤᠨ ᠨᠡᠶᠢᠭᠡᠮᠯᠢᠭ ᠠᠴᠠ ᠭᠤᠣᠯᠯᠠᠨ ᠡᠷᠭᠢᠯᠡᠭᠰᠡᠨ ᠳᠥᠷᠪᠡᠳᠦᠭᠡᠷ | ᠬᠤᠭᠤᠴᠠᠭᠠᠨ ᠤ ︽ᠳᠤᠮᠳᠠᠳᠤ ᠤᠯᠤᠰ ᠤᠨ ᠤᠷᠠᠨ ᠵᠢᠷᠤᠭ ᠤᠨ ᠱᠠᠩᠨᠠᠯ︾ ᠤᠨ ᠱᠠᠩᠨᠠᠯ ᠣᠯᠭᠤᠬᠤ ᠶᠣᠰᠣᠯᠠᠯ | ᠳᠤᠮᠳᠠᠳᠤ ᠤᠯᠤᠰ ᠤᠨ ᠤᠯᠤᠰ ᠤᠨ ᠮᠦᠽᠧᠢ ᠳᠤ ᠶᠠᠪᠤᠭᠳᠠᠪᠠ᠃ ᠮᠠᠨ ᠤ ᠣᠷᠣᠨ ᠤ ᠠᠯᠳᠠᠷᠲᠤ ᠲᠣᠰᠣᠨ | ᠪᠤᠳᠤᠭ ᠤᠨ ᠵᠢᠷᠤᠭᠴᠢᠨ ᠲᠥᠮᠥᠰᠥ ︽ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ | ᠨᠠᠰᠤᠨ ᠲᠤᠷᠰᠢᠲᠠ ᠶᠢᠨ ᠠᠮᠵᠢᠯᠲᠠ ᠪᠦᠲᠦᠮᠵᠢ ᠶᠢᠨ ᠱᠠᠩᠨᠠᠯ︾ ᠭᠦᠷᠳᠡᠪᠡ᠃ | | ᠲᠥᠮᠥᠰᠥ ᠭᠤᠸᠠᠢ ᠨᠢᠭᠡ ᠪᠦᠯᠦᠭ ᠵᠠᠯᠠᠭᠤ ᠵᠢᠷᠤᠭᠴᠢᠨ ᠢ ᠬᠥᠮᠥᠵᠢᠭᠦᠯᠦᠨ ᠳᠠᠶᠢᠴᠢᠯᠠᠵᠤ᠂ ︽ᠥᠪᠥᠷ | ᠮᠣᠩᠭᠤᠯ ᠤᠨ ᠲᠠᠯ᠎ᠠ ᠨᠤᠲᠤᠭ ᠤᠨ ᠵᠢᠷᠤᠭ ᠤᠨ ᠤᠷᠤᠰᠬᠠᠯ ᠪᠦᠯᠦᠭ︾ ᠤᠨ ᠬᠥᠭᠵᠢᠯᠲᠡ ᠪᠤᠵᠠᠭᠠᠶᠢᠷᠠᠯ ᠢ | ᠠᠬᠢᠭᠤᠯᠵᠤ᠂ ᠥᠪᠥᠷ ᠮᠣᠩᠭᠤᠯ ᠤᠨ ᠣᠯᠠᠨ ᠡᠰᠢᠲᠦ ᠤᠷᠠᠯᠢᠭ ᠤᠨ ᠬᠡᠪ ᠨᠠᠮᠪᠠ ᠶᠢ ᠵᠡᠷᠭᠡ ᠪᠠᠷ ᠤᠷᠤᠭᠰᠢᠯᠠᠭᠤᠯᠬᠤ | ᠰᠢᠨ᠎ᠡ ᠳᠦᠷᠰᠦ ᠪᠠᠶᠢᠳᠠᠯ ᠢ ᠪᠤᠶ ᠪᠤᠯᠭᠠᠬᠰᠠᠨ ᠤ ᠬᠠᠮᠲᠤ ᠪᠠᠰᠠ ᠳᠤᠮᠳᠠᠳᠤ ᠤᠯᠤᠰ ᠤᠨ ᠲᠣᠰᠣᠨ ᠪᠤᠳᠤᠭ ᠤᠨ | ᠵᠢᠷᠤᠭ ᠤᠨ ᠤᠷᠠᠯᠢᠭ ᠤᠨ ᠳᠦᠷᠰᠦ ᠪᠠᠶᠢᠳᠠᠯ ᠢ ᠪᠠᠶᠠᠯᠢᠭᠵᠢᠭᠤᠯᠪᠠ᠃ | ᠣᠶᠢᠯᠠᠭᠠᠭᠰᠠᠨ ᠢᠶᠠᠷ᠂ ︽ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠨᠠᠰᠤᠨ | ᠲᠤᠷᠰᠢᠲᠠ ᠶᠢᠨ ᠠᠮᠵᠢᠯᠲᠠ ᠪᠦᠲᠦᠮᠵᠢ ᠶᠢᠨ ᠱᠠᠩᠨᠠᠯ︾ ᠨᠢ ᠡᠯ᠎ᠡ ᠤᠷᠠᠯᠢᠭ ᠤᠨ ᠲᠥᠷᠥᠯ ᠵᠦᠢᠯ ᠳᠤ ᠴᠣᠯᠭᠤᠷᠠᠨ | ᠭᠠᠷᠤᠭᠰᠠᠨ᠂ ᠰᠠᠶᠢᠨ ᠰᠠᠶᠢᠬᠠᠨ ᠨᠡᠶᠢᠭᠡᠮ ᠤᠨ ᠨᠥᠯᠥᠭᠡᠯᠡᠬᠦ ᠬᠦᠴᠦᠨ ᠲᠠᠢ᠂ ᠲᠥᠯᠥᠭᠡᠯᠡᠬᠦ ᠴᠢᠨᠠᠷᠲᠠᠢ ᠪᠠ ᠵᠢᠱᠢᠶ᠎ᠡ | ᠦᠵᠡᠭᠦᠯᠭᠦ ᠴᠢᠨᠠᠷᠲᠠᠢ 75 ᠪᠦᠬᠦᠯᠢ ᠨᠠᠰᠤ ︵ᠪᠠᠭᠲᠠᠨ᠎ᠠ︶ ᠠᠴᠠ ᠳᠡᠭᠡᠭᠰᠢᠬᠢ᠂ ᠣᠷᠳᠣ ᠬᠤᠭᠤᠴᠠᠭ᠎ᠠ ᠪᠠᠷ ᠤᠳᠬ᠎ᠠ | ᠤᠷᠠᠯᠢᠭ ᠤᠨ ᠦᠢᠯᠡᠰ ᠤᠨ ᠬᠥᠭᠵᠢᠯᠲᠡ ᠳᠤ ᠲᠣᠪᠤᠶᠢᠮ᠎ᠠ ᠬᠤᠪᠢ ᠨᠡᠮᠡᠷᠢ ᠦᠵᠡᠭᠦᠯᠦᠭᠰᠡᠨ᠂ ᠨᠡᠷ᠎ᠡ ᠬᠦᠨᠳᠦ ᠲᠠᠢ | ᠠᠬᠠᠮᠠᠳ ᠤᠷᠠᠯᠢᠭᠴᠢᠨ ᠢ ᠰᠢᠯᠭᠠᠷᠠᠭᠤᠯᠤᠨ ᠬᠥᠬᠢᠭᠦᠯᠳᠡᠭ᠃ ᠲᠥᠮᠥᠰᠥ ᠭᠤᠸᠠᠢ ᠶᠢᠨ ᠱᠠᠩᠨᠠᠯ ᠭᠥᠷᠳᠡᠭᠰᠡᠨ ᠨᠢ | ᠲᠡᠭᠦᠨ ᠤ ᠬᠤᠪᠢ ᠬᠥᠮᠥᠨ ᠤ ᠤᠷᠠᠯᠢᠭ ᠤᠨ ᠠᠮᠵᠢᠯᠲᠠ ᠶᠢ ᠮᠡᠳᠡᠷᠡᠭᠰᠡᠨ ᠲᠡᠳᠦᠢ ᠦᠭᠡᠢ᠂ ᠮᠥᠨ ᠴᠤ ᠥᠪᠥᠷ | ᠮᠣᠩᠭᠤᠯ ᠤᠨ ᠤᠷᠠᠨ ᠵᠢᠷᠤᠭ ᠤᠨ ᠦᠷ᠎ᠡ ᠪᠦᠲᠦᠭᠡᠯ ᠢ ᠨᠤᠲᠠᠯᠠᠭᠰᠠᠨ ᠶᠠᠪᠤᠳᠠᠯ ᠪᠣᠯᠣᠨ᠎ᠠ .᠃ | ᠲᠥᠮᠥᠰᠥ 1932 ᠣᠨ ᠳᠤ ᠥᠪᠥᠷ ᠮᠣᠩᠭᠤᠯ ᠤᠨ ᠲᠦᠮᠡᠳ ᠵᠡᠭᠦᠨ ᠬᠤᠰᠢᠭᠤᠨ ᠳᠤ ᠲᠦᠷᠦᠵᠡᠢ᠃ | 1958 ᠣᠨ ᠳᠤ ᠲᠥᠪ ᠤᠨ ᠤᠷᠠᠨ ᠵᠢᠷᠤᠭ ᠤᠨ ᠳᠡᠭᠡᠳᠦ ᠰᠤᠷᠭᠠᠭᠤᠯᠢ ᠶᠢᠨ ᠲᠣᠰᠣᠨ ᠪᠤᠳᠤᠭ ᠤᠨ ᠵᠢᠷᠤᠭ ᠤᠨ | ᠰᠠᠯᠪᠤᠷᠢ ᠠᠴᠠ ᠲᠡᠭᠦᠰᠴᠦ᠂ 1963 ᠣᠨ ᠳᠤ ᠲᠥᠪ ᠤᠨ ᠤᠷᠠᠨ ᠵᠢᠷᠤᠭ ᠤᠨ ᠳᠡᠭᠡᠳᠦ ᠰᠤᠷᠭᠠᠭᠤᠯᠢ ᠶᠢᠨ | ᠲᠣᠰᠣᠨ ᠪᠤᠳᠤᠭ ᠤᠨ ᠵᠢᠷᠤᠭ ᠤᠨ ᠰᠤᠳᠤᠯᠬᠤ ᠠᠩᠭᠢ ᠠᠴᠠ ᠲᠡᠭᠦᠰᠴᠡᠢ᠃ ᠤᠯᠤᠰ ᠤᠨ ᠰᠤᠷᠭᠠᠨ ᠬᠥᠮᠦᠵᠢᠯ ᠤᠨ | ᠵᠥᠪᠯᠡᠯ ᠤᠨ ᠤᠷᠠᠯᠢᠭ ᠤᠨ ᠰᠤᠷᠭᠠᠨ ᠬᠥᠮᠦᠵᠢᠯ ᠤᠨ ᠵᠥᠪᠯᠡᠯ ᠤᠨ ᠭᠡᠰᠢᠭᠦᠨ᠂ ᠥᠪᠥᠷ ᠮᠣᠩᠭᠤᠯ ᠤᠨ ᠤᠳᠬ᠎ᠠ | ᠤᠷᠠᠯᠢᠭ ᠤᠨ ᠬᠢᠨ ᠤ ᠬᠤᠯᠪᠤᠭ᠎ᠠ ᠶᠢᠨ ᠳᠡᠳ᠋ ᠲᠡᠷᠢᠭᠦᠯᠡᠭᠴᠢ᠂ ᠥᠪᠥᠷ ᠮᠣᠩᠭᠤᠯ ᠤᠨ ᠤᠷᠠᠨ ᠵᠢᠷᠤᠭᠴᠢᠳ ᠤᠨ | ᠨᠡᠶᠢᠭᠡᠮᠯᠢᠭ ᠤᠨ ᠲᠡᠷᠢᠭᠦᠯᠡᠭᠴᠢ᠂ ᠳᠤᠮᠳᠠᠳᠤ ᠤᠯᠤᠰ ᠤᠨ ᠤᠷᠠᠨ ᠵᠢᠷᠤᠭᠴᠢᠳ ᠤᠨ ᠨᠡᠶᠢᠭᠡᠮᠯᠢᠭ ᠤᠨ ᠬᠡᠷᠡᠭ | ᠡᠷᠭᠢᠯᠡᠭᠴᠢ᠂ ᠳᠤᠮᠳᠠᠳᠤ ᠤᠯᠤᠰ ᠤᠨ ᠤᠷᠠᠨ ᠵᠢᠷᠤᠭ ᠤᠨ ᠨᠡᠶᠢᠭᠡᠮᠯᠢᠭ ᠤᠨ ᠲᠤᠰᠤᠨ ᠪᠤᠳᠤᠭ ᠤᠨ ᠵᠢᠷᠤᠭ ᠤᠨ | ᠤᠷᠠᠯᠢᠭ ᠤᠨ ᠵᠥᠪᠯᠡᠯ ᠤᠨ ᠳᠡᠳ᠋ ᠡᠷᠭᠢᠯᠡᠭᠴᠢ᠂ ᠳᠤᠮᠳᠠᠳᠤ ᠤᠯᠤᠰ ᠤᠨ ᠲᠤᠰᠤᠨ ᠪᠤᠳᠤᠭ ᠤᠨ ᠵᠢᠷᠤᠭ ᠤᠨ | ᠨᠡᠶᠢᠭᠡᠮᠯᠢᠭ ᠤᠨ ᠪᠠᠶᠢᠩᠭᠤ ᠶᠢᠨ ᠬᠡᠷᠡᠭ ᠡᠷᠭᠢᠯᠡᠭᠴᠢ ᠪᠠᠶᠢᠪᠠ᠃ 1983 ᠣᠨ ᠳᠤ ᠥᠪᠥᠷ ᠮᠣᠩᠭᠤᠯ ᠤᠨ | ᠪᠠᠭᠰᠢ ᠶᠢᠨ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠰᠠᠯᠪᠤᠷᠢ ᠶᠢᠨ ᠫᠷᠤᠹᠧᠰᠰᠤᠷ ᠪᠣᠯᠵᠤ᠂ 1992 ᠣᠨ ᠳᠤ | ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠰᠠᠯᠪᠤᠷᠢ ᠠᠴᠠ ᠠᠵᠢᠯ ᠤᠨ | ᠠᠮᠠᠷᠠᠯᠲᠠ ᠪᠠᠨ ᠠᠪᠤᠪᠠ᠃ |