ᠨᠢᠭᠡᠨ ᠡᠮᠡᠭᠲᠡᠢ ᠴᠢᠰᠤᠨ ᠳᠠᠷᠤᠯᠲᠠ ᠶᠢ ᠪᠠᠭᠤᠷᠠᠭᠤᠯᠬᠤ ᠡᠮ ᠢ ᠬᠠᠭᠠᠯᠵᠤ ᠤᠤᠭᠤᠭᠠᠳ ᠮᠠᠨᠠᠷᠠᠵᠤ ᠤᠨᠠᠵᠠᠢ︕ ᠡᠳᠡᠭᠡᠷ ᠡᠮ ᠢ ᠬᠠᠭᠠᠯᠵᠤ ᠤᠤᠭᠤᠵᠤ ᠪᠣᠯᠬᠤ ᠦᠭᠡᠢ ᠰᠢᠦ︕
ᠨᠡᠶᠢᠲᠡᠯᠡᠭᠰᠡᠨ ᠴᠠᠭ᠄
2024/11/18
     ᠣᠶᠢᠷ᠎ᠠ ᠳᠤ᠂ ᠹᠦᠵᠢᠶᠠᠨ ᠤ ᠨᠢᠭᠡᠨ ᠡᠮᠡᠭᠲᠡᠢ ᠴᠢᠰᠤᠨ ᠳᠠᠷᠤᠯᠲᠠ ᠶᠢ ᠪᠠᠭᠤᠷᠠᠭᠤᠯᠬᠤ ᠡᠮ ᠤᠤᠭᠤᠬᠤ ᠦᠶ᠎ᠡ ᠳᠤ᠂ ᠡᠮ ᠢᠶᠠᠨ ᠬᠠᠭᠠᠯᠵᠤ ᠤᠤᠭᠤᠭᠠᠳ ᠴᠢᠰᠤᠨ ᠳᠠᠷᠤᠯᠲᠠ ᠨᠢ ᠭᠡᠨᠡᠳᠲᠡ ᠪᠠᠭᠤᠷᠠᠵᠤ᠂ ᠮᠠᠨᠠᠷᠠᠬᠤ ᠪᠠᠶᠢᠳᠠᠯ ᠢᠯᠡᠷᠡᠵᠡᠢ᠂ ᠡᠨᠡ ᠨᠢ ᠶᠠᠭᠤᠨ ᠤ ᠤᠴᠢᠷ ᠠᠴᠠ ᠪᠣᠯᠤᠭᠰᠠᠨ ᠪᠣᠶ︖      ᠵᠠᠩ ᠠᠪᠠᠭᠠᠢ ᠵᠢᠯ ᠭᠠᠷᠤᠢ ᠶᠢᠨ ᠴᠢᠰᠤᠨ ᠳᠠᠷᠤᠯᠲᠠ ᠥᠨᠳᠥᠷ ᠡᠪᠡᠳᠴᠢᠨ ᠤ ᠲᠡᠦᠬᠡ ᠲᠠᠢ᠂ ᠣᠶᠢᠷ᠎ᠠ ᠳᠤ ᠲᠡᠭᠦᠨ ᠤ ᠬᠠᠮᠤᠭ ᠥᠨᠳᠥᠷ ᠴᠢᠰᠤᠨ ᠳᠠᠷᠤᠯᠲᠠ  ᠨᠢ 160/100mmHg ᠬᠦᠷᠴᠡᠢ᠃ ᠲᠡᠷᠡ ᠥᠪᠡᠷ ᠤᠨ ᠢᠶᠠᠨ ᠡᠮ ᠤᠨ ᠬᠡᠮᠵᠢᠶ᠎ᠡ ᠨᠢ ᠭᠦᠢᠴᠡᠬᠦ ᠦᠭᠡᠢ ᠪᠠᠶᠢᠨ᠎ᠠ ᠭᠡᠵᠦ ᠪᠣᠳᠣᠭᠠᠳ ᠡᠳᠦᠷ ᠲᠤᠲᠤᠮ ᠤᠨ ᠤᠤᠭᠤᠳᠠᠭ ᠴᠢᠰᠤᠨ ᠳᠠᠷᠤᠯᠲᠠ ᠶᠢ ᠪᠠᠭᠤᠷᠠᠭᠤᠯᠬᠤ ᠡᠮ ᠢ ᠰᠢᠳᠦ ᠪᠠᠷ ᠢᠶᠠᠨ ᠬᠠᠭ᠎ᠠ ᠬᠠᠵᠠᠵᠤ ᠶᠡᠭᠡ ᠬᠠᠭᠠᠰ ᠢ ᠨᠢ ᠤᠤᠭᠤᠪᠠ᠃      ᠰᠠᠨᠠᠭᠠᠨ ᠠᠴᠠ ᠭᠠᠳᠠᠭᠤᠷ᠂ ᠬᠠᠭᠠᠰ ᠴᠠᠭ ᠪᠣᠯᠣᠯ ᠦᠭᠡᠢ ᠪᠠᠷ ᠵᠠᠩ ᠠᠪᠠᠭᠠᠢ ᠶᠢᠨ ᠨᠢᠳᠦ ᠨᠢ ᠭᠡᠨᠡᠳᠲᠡ ᠬᠠᠷᠠᠯᠠᠵᠤ᠂ ᠬᠦᠢᠲᠡᠨ ᠬᠥᠯᠥᠰᠦ ᠠᠰᠬᠠᠷᠠᠨ᠂ ᠪᠡᠶ᠎ᠡ ᠨᠢ ᠲᠠᠮᠢᠷ ᠦᠭᠡᠢ ᠪᠣᠯᠣᠭᠠᠳ ᠰᠢᠭᠤᠳ ᠱᠠᠹᠠ ᠳᠡᠭᠡᠷ᠎ᠡ ᠪᠠᠨ ᠣᠩᠬᠤᠯᠢᠵᠤ ᠣᠨᠠᠪᠠ᠂ ᠢᠩᠭᠢᠭᠡᠳ ᠭᠡᠷ ᠤᠨ ᠬᠥᠮᠥᠰ ᠨᠢ ᠲᠡᠭᠦᠨ ᠢ ᠡᠮᠨᠡᠯᠭᠡ ᠳᠤ ᠬᠦᠷᠭᠡᠵᠡᠢ᠃      ᠡᠮᠴᠢ ᠶᠢᠨ ᠲᠠᠨᠢᠯᠴᠠᠭᠤᠯᠤᠭᠰᠠᠨ ᠢᠶᠠᠷ᠂ ᠵᠠᠩ ᠠᠪᠠᠭᠠᠢ ᠶᠢᠨ ᠤᠤᠭᠤᠭᠰᠠᠨ ᠴᠢᠰᠤᠨ ᠳᠠᠷᠤᠯᠲᠠ ᠶᠢ ᠪᠠᠭᠤᠷᠠᠭᠤᠯᠬᠤ ᠡᠮ ᠪᠣᠯ ᠨᠢᠤᠹᠧᠨᠳᠢᠫᠢᠨ ᠤ ᠲᠠᠶᠢᠯᠪᠤᠷᠢ ᠬᠠᠪᠲᠠᠭᠠᠢ ᠦᠷᠢᠯ ︵硝苯地平控释片︶ ᠪᠣᠯᠣᠨ᠎ᠠ᠂ ᠡᠨᠡ ᠬᠦ ᠡᠮ ᠤᠨ ᠨᠢᠭᠡ ᠦᠷᠢᠯ ᠨᠢ 3 ᠡᠩ ᠤᠨ ᠨᠢᠤᠹᠧᠨᠳᠢᠫᠢᠨ ᠦᠷᠢᠯ ︵硝苯地 平     片︶ ᠤᠨ ᠬᠡᠮᠵᠢᠶ᠎ᠡ ᠲᠠᠢ ᠲᠡᠩᠴᠡᠨ᠎ᠡ᠃ ᠬᠡᠷᠪᠡ ᠬᠠᠭ᠎ᠠ ᠬᠠᠵᠠᠬᠤ᠂ ᠬᠠᠭᠠᠯᠬᠤ᠂ ᠨᠢᠴᠠᠯᠤᠨ ᠤᠤᠭᠤᠪᠠᠯ᠂ ᠶᠡᠭᠡ ᠬᠡᠮᠵᠢᠶᠡᠨ ᠤ ᠴᠢᠰᠤᠨ ᠳᠠᠷᠤᠯᠲᠠ ᠶᠢ ᠪᠠᠭᠤᠷᠠᠭᠤᠯᠬᠤ ᠡᠮ ᠨᠢ ᠠᠭᠱᠠᠨ ᠵᠠᠭᠤᠷ᠎ᠠ ᠪᠡᠶ᠎ᠡ ᠶᠢᠨ ᠳᠣᠲᠣᠷ᠎ᠠ ᠲᠠᠷᠬᠠᠵᠤ᠂ ᠴᠢᠰᠤᠨ ᠳᠠᠷᠤᠯᠲᠠ ᠶᠢ ᠮᠠᠰᠢ ᠲᠦᠷᠭᠡᠨ ᠢᠶᠠᠷ ᠪᠠᠭᠤᠷᠠᠭᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号