ᠬᠥᠨᠳᠡᠯᠡᠨ ᠲᠣᠭᠤᠷᠢᠭ ᠤᠨ ᠲᠡᠦᠬᠡ ᠶᠢᠨ ᠬᠤᠪᠢᠰᠦᠯᠳᠠ ︵ᠳᠥᠷᠪᠡ︶
ᠨᠡᠶᠢᠲᠡᠯᠡᠭᠰᠡᠨ ᠴᠠᠭ᠄
2024/11/4
     ᠵᠡᠭᠦᠨ ᠶᠢᠨ ᠤᠯᠤᠰ ᠤᠨ ᠲᠠᠢ ᠶᠤᠸᠠᠨ ᠤ ᠲᠡᠷᠢᠭᠦᠨ ᠣᠨ ︵ᠨᠡᠶᠢᠲᠡ ᠶᠢᠨ ᠣᠨ ᠲᠣᠭᠠᠯᠠᠯ ᠤᠨ 376 ᠣᠨ︶     ᠡᠮᠦᠨ᠎ᠡ ᠴᠢᠨ ᠤᠯᠤᠰ ᠤᠨ ᠲᠦᠷᠦ ᠶᠢᠨ ᠡᠷᠬᠡ ᠦᠶᠤᠸᠠᠨ ᠵᠢᠶᠦ᠋ᠨ ᠢ ᠪᠠᠶᠢᠭᠤᠯᠵᠤ᠂ ᠪᠢᠩᠵᠧᠦ ᠳᠤ ᠬᠠᠷᠢᠶᠠᠯᠠᠭᠤᠯᠵᠤ᠂ ᠵᠢᠦᠶᠤᠸᠠᠨ ᠰᠢᠶᠠᠨ ︵ᠬᠠᠭᠤᠴᠢᠨ ᠪᠠᠭᠤᠷᠢ ᠨᠢ ᠣᠳᠣ ᠶᠢᠨ ᠪᠠᠶᠠᠨᠨᠠᠭᠤᠷ ᠠᠶᠢᠮᠠᠭ ᠤᠨ ᠤᠷᠠᠳ ᠤᠨ ᠡᠮᠦᠨᠡᠲᠦ ᠬᠤᠰᠢᠭᠤᠨ ᠤ ᠰᠠᠨ ᠳ᠋ᠢᠩ ᠵᠠᠩ ᠹᠠᠩ ᠡᠷᠲᠡᠨ ᠤ ᠬᠤᠲᠠ ᠪᠤᠯᠤᠨ᠎ᠠ︶ ᠢ ᠬᠠᠮᠢᠶᠠᠷᠴᠦ    ᠪᠠᠶᠢᠪᠠ᠃ ᠣᠳᠣ ᠶᠢᠨ ᠪᠤᠭᠤᠲᠤ ᠬᠤᠲᠠ ᠶᠢᠨ ᠬᠥᠨᠳᠡᠯᠡᠨ ᠲᠣᠭᠤᠷᠢᠭ ᠤᠨ ᠬᠠᠷᠢᠶ᠎ᠠ ᠣᠷᠣᠨ ᠪᠣᠯ ᠡᠮᠦᠨ᠎ᠡ ᠴᠢᠨ ᠤᠯᠤᠰ ᠤᠨ ᠲᠦᠷᠦ ᠶᠢᠨ ᠡᠷᠬᠡ ᠶᠢᠨ ᠪᠠᠶᠢᠭᠤᠯᠤᠭᠰᠠᠨ ᠦᠶᠤᠸᠠᠨ ᠵᠢᠶᠦ᠋ᠨ ᠤ ᠵᠢᠦᠶᠤᠸᠠᠨ ᠰᠢᠶᠠᠨ ᠪᠣᠯᠤᠨ᠎ᠠ᠃     ᠤᠮᠠᠷᠠᠲᠤ ᠸᠧᠢ ᠤᠯᠤᠰ ᠤᠨ ᠱᠧᠨ ᠵᠢᠶᠠ ᠶᠢᠨ ᠬᠤᠶᠠᠳᠤᠭᠠᠷ ᠤᠨ ︵ᠨᠡᠶᠢᠲᠡ ᠶᠢᠨ ᠣᠨ ᠲᠣᠭᠠᠯᠠᠯ ᠤᠨ 429 ᠣᠨ︶       ᠤᠮᠠᠷᠠᠲᠤ ᠸᠧᠶ ᠶᠢᠨ ᠬᠠᠭᠠᠨᠲᠦ ᠲᠦᠷᠦ ᠴᠡᠯᠡᠭᠡᠷ ︵ᠭᠤᠤᠴᠧ︶ ᠤᠨ ᠡᠯ᠎ᠡ ᠠᠶᠢᠮᠠᠭ ᠢ ᠳᠠᠭᠠᠷᠢᠬᠰᠠᠨ ᠪᠦᠬᠡᠳ ᠪᠠᠭᠤᠯᠭᠠᠨ ᠠᠪᠤᠭᠰᠠᠨ ᠬᠡᠳᠦᠨ ᠠᠷᠪᠠᠨ ᠲᠦᠮᠡᠨ ᠴᠡᠯᠡᠭᠡᠷ ᠬᠥᠮᠦᠨ ᠵᠢᠴᠢ ᠦᠬᠡᠷ᠂  ᠮᠤᠷᠢ ᠵᠠᠭᠤ ᠭᠠᠷᠤᠶ ᠲᠦᠮᠨ ᠶᠢ ᠵᠡᠬᠦᠨ ᠲᠠᠯ᠎ᠠ ᠨᠢ ᠷᠦ᠋ ᠶᠤᠸᠠᠨ ᠠᠴᠠ ᠡᠬᠢ ᠠᠪᠴᠦ ︵ᠣᠳᠣ ᠶᠢᠨ ᠡᠾᠧᠪᠸᠢ ᠮᠤᠵᠢ ᠶᠢᠨ ᠹᠧᠩ ᠨᠢᠩ ᠰᠢᠶᠠᠨ ᠤ ᠪᠠᠷᠠᠭᠤᠨᠲᠠᠶ︶᠂ ᠪᠠᠷᠠᠭᠤᠨᠰᠢ ᠪᠠᠨ ᠦᠶᠤᠸᠠᠨ ᠤ ᠮᠤᠨᠠ ᠠᠭᠤᠯᠠ ᠬᠦᠷᠲᠡᠯᠡᠬᠢ 3000 ᠭᠠᠷᠤᠶ ᠭᠠᠵᠠᠷ ᠤᠨ ᠨᠤᠳᠤᠭ ᠲᠡᠪᠢᠰᠬᠡᠷ ᠤᠨ ᠭᠤᠪᠢ ᠶᠢᠨ ᠡᠮᠦᠨᠡᠬᠢ ᠣᠷᠣᠨ ᠳᠤ ᠨᠡᠭᠦᠯᠭᠡᠵᠦ᠂ ᠮᠠᠯ ᠠᠵᠤ ᠠᠬᠤᠶ ᠶᠢᠨ ᠦᠢᠯᠡᠳᠪᠦᠷᠢᠯᠡᠯ ᠢ ᠡᠷᠬᠢᠯᠡᠭᠦᠯᠪᠡ᠃     ᠤᠮᠠᠷᠠᠲᠤ ᠸᠧᠶ ᠤᠯᠤᠰ ᠤᠨ ᠲᠠᠢ ᠡᠦ ᠶᠢᠨ ᠲᠠᠪᠤᠳᠤᠭᠠᠷ ᠣᠨ ︵ ᠨᠡᠶᠢᠳᠡ ᠶᠢᠨ ᠤᠨ ᠲᠤᠭᠠᠯᠠᠯ ᠤᠨ 439 ᠣᠨ︶       ᠤᠮᠠᠷᠠᠲᠤ ᠸᠧᠶ ᠤᠯᠤᠰ ᠤᠮᠠᠷᠠᠲᠤ ᠯᠢᠶᠠᠩ ᠤᠯᠤᠰ ᠤᠨ ᠲᠦᠷᠦ ᠶᠢᠨ ᠡᠷᠬᠡ ᠶᠢ ᠮᠥᠬᠦᠭᠡᠵᠤ ᠤᠮᠠᠷᠠᠲᠤ ᠣᠷᠣᠨ ᠢ ᠨᠢᠭᠡᠳᠬᠡᠵᠡᠶ᠃ ᠲᠡᠷᠡᠴᠢᠯᠡᠨ ᠤᠮᠠᠷᠠᠲᠤ ᠣᠷᠣᠨ ᠳᠤ ᠪᠠᠷᠠᠭᠤᠨ ᠠᠴᠠ ᠵᠡᠭᠦᠨᠰᠢ 6 ᠴᠡᠷᠢᠭ ᠤᠨ ᠪᠠᠯᠭᠠᠰᠤ ᠶᠢ ᠪᠠᠶᠢᠭᠤᠯᠵᠤ᠂ ᠡᠭᠦᠨ ᠤ ᠳᠣᠲᠣᠷ᠎ᠠ ᠬᠤᠸᠠᠢ ᠱᠦᠸᠧ ᠪᠠᠯᠭᠠᠰᠤ ︵ ᠪᠠᠯᠭᠠᠰᠤ ᠶᠢ ᠵᠠᠬᠢᠷᠬᠤ ᠨᠤᠶᠠᠨ ᠤ ᠤᠷᠳᠤᠨ ᠨᠢ ᠣᠳᠣ ᠶᠢᠨ ᠭᠦᠶᠡᠩ ᠰᠢᠶᠠᠨ ᠤ ᠪᠡᠶᠢᠯᠡ ᠨᠠᠭᠤᠷ ᠰᠢᠶᠠᠩ ᠤᠨ ᠬᠦᠷᠢᠶ᠎ᠡ ᠡᠷᠲᠡᠨ ᠤ ᠬᠤᠲᠠ ᠳᠤ ᠪᠠᠶᠢᠵᠠᠢ︶ ᠣᠳᠣ ᠶᠢᠨ ᠪᠤᠭᠤᠲᠤ ᠬᠤᠲᠠ ᠶᠢᠨ ᠬᠥᠨᠳᠡᠯᠡᠨ ᠲᠣᠭᠤᠷᠢᠭ ᠤᠨ ᠬᠠᠷᠢᠶ᠎ᠠ ᠭᠠᠵᠠᠷ ᠢ ᠡᠵᠡᠮᠰᠢᠵᠦ ᠪᠠᠶᠢᠵᠠᠢ᠃      ᠤᠮᠠᠷᠠᠲᠤ ᠸᠧᠶ ᠤᠯᠤᠰ ᠤᠨ ᠵᠧᠩ ᠭᠤᠸᠠᠩ ᠤᠨ ᠳᠥᠷᠪᠡᠳᠦᠭᠡᠷ ᠣᠨ ︵ ᠨᠠᠶᠢᠳᠠ ᠶᠢᠨ ᠤᠨ       ᠲᠤᠭᠠᠯᠠᠯ ᠤᠨ523 ᠣᠨ︶      ᠤᠮᠠᠷᠠᠲᠤ ᠶᠢᠨ ᠵᠢᠷᠭᠤᠭᠠᠨ ᠪᠠᠯᠭᠠᠰᠤᠨ ᠤ ᠡᠯ᠎ᠡ ᠦᠨᠳᠦᠰᠦᠲᠡᠨ ᠤ ᠴᠡᠷᠢᠭ ᠠᠷᠠᠳ ᠪᠣᠰᠣᠯᠭ᠎ᠠ ᠭᠠᠷᠭᠠᠵᠤ ︵ᠲᠡᠦᠬᠡᠨ ᠳᠤ ︽ᠵᠢᠷᠭᠤᠭᠠᠨ ᠪᠠᠯᠭᠠᠰᠤᠨ ᠤ ᠪᠣᠰᠣᠯᠭ᠎ᠠ︾ ᠭᠡᠳᠡᠭ︶᠂ ᠪᠣᠰᠣᠯᠭ᠎ᠠ ᠶᠢᠨ ᠴᠡᠷᠢᠭ ᠬᠥᠭᠵᠢᠭᠡᠳ 30 ᠭᠠᠷᠤᠶ ᠲᠦᠮᠡᠨ ᠬᠥᠮᠦᠨ ᠪᠣᠯᠵᠤ᠂ ᠤᠮᠠᠷᠠᠲᠤ ᠸᠧᠶ ᠤᠯᠤᠰ ᠤᠨ ᠴᠡᠷᠢᠭ ᠢ ᠣᠯᠠᠨ ᠤᠳᠠᠭ᠎ᠠ ᠴᠣᠬᠢᠨ ᠢᠯᠠᠵᠤ᠂ ᠵᠢᠷᠭᠤᠭᠠᠨ ᠪᠠᠯᠭᠠᠰᠤᠨ ᠤ ᠬᠠᠷᠢᠶᠠᠨ ᠳᠠᠬᠢ ᠥᠷᠭᠡᠨ ᠠᠭᠤᠳᠠᠮ ᠭᠠᠵᠠᠷ ᠣᠷᠣᠨ ᠢ ᠡᠵᠡᠯᠡᠨ ᠠᠪᠴᠠᠶ᠃ ᠵᠧᠩ ᠭᠤᠸᠠᠩ ᠤᠨ ᠵᠢᠷᠭᠤᠳᠤᠭᠠᠷ ᠣᠨ ︵525 ᠣᠨ︶ ᠳᠤ᠂ ᠵᠢᠷᠤᠮ ᠤᠨ ᠴᠡᠷᠢᠭ ᠤᠨ ᠲᠦᠷᠦᠭᠦᠦ ᠫᠦᠸᠧ ᠯᠢᠦ     ᠬᠠᠨ ᠪᠠ ᠯᠢᠩ ᠲᠠᠶᠢᠨ ᠤ ᠲᠤᠮᠳᠠ ᠪᠡᠶ᠎ᠡ ᠦᠷᠡᠭᠳᠡᠵᠦ᠂ ᠪᠣᠰᠣᠯᠭ᠎ᠠ ᠢᠯᠠᠭᠳᠠᠵᠠᠢ᠃      ᠵᠡᠭᠦᠨ ᠸᠧᠶ ᠤᠯᠤᠰ ᠤᠨ ᠲᠢᠶᠠᠨ ᠫᠢᠩ ᠤᠨ ᠲᠡᠷᠢᠭᠦᠨ ᠣᠨ ︵ ᠨᠠᠶᠢᠳᠠ ᠶᠢᠨ ᠤᠨ ᠲᠤᠭᠠᠯᠠᠯ ᠤᠨ 534 ᠣᠨ︶     ᠤᠮᠠᠷᠠᠲᠤ ᠸᠧᠶ ᠤᠯᠤᠰ ᠤᠨ ᠲᠦᠷᠦ ᠶᠢᠨ ᠡᠷᠬᠡ ᠰᠡᠬᠦᠯᠡᠷ ᠨᠢ ᠵᠡᠭᠦᠨ ᠸᠧᠶ ᠤᠯᠤᠰ ᠪᠠ ᠪᠠᠷᠠᠭᠤᠨ ᠸᠧᠶ ᠤᠯᠤᠰ ᠪᠣᠯᠵᠤ ᠬᠠᠭᠠᠴᠠᠨ᠂ ᠬᠤᠶᠠᠷ ᠲᠠᠯ᠎ᠠ ᠪᠠᠷ ᠢᠶᠠᠨ ᠶᠡᠭᠡ ᠲᠥᠯᠥᠪ ᠣᠳᠣ ᠶᠢᠨ ᠱᠠᠨ ᠰᠢ᠂ ᠱᠠᠨᠰᠢ ᠶᠢᠨ ᠬᠤᠭᠤᠷᠣᠨᠳᠣᠬᠢ ᠬᠠᠲᠤᠨ ᠭᠤᠣᠯ ᠢᠶᠠᠷ ᠵᠠᠭᠠᠭ ᠪᠣᠯᠭᠠᠵᠤ᠂ ᠵᠡᠬᠦᠨ ᠪᠠᠷᠠᠭᠤᠨ ᠬᠤᠶᠠᠷ ᠡᠳᠡᠭᠡᠳ ᠡᠰᠡᠷᠭᠦᠴᠡᠯᠳᠦᠭᠰᠡᠨ ᠪᠠᠶᠢᠳᠠᠯ ᠢ ᠪᠤᠶ ᠪᠣᠯᠭᠠᠵᠠᠶ᠃ ᠤᠮᠠᠷᠠᠲᠤ ᠴᠢ ᠤᠯᠤᠰ ᠤᠨ ᠲᠢᠶᠠᠨ ᠪᠦᠦ ᠶᠢᠨ ᠲᠡᠷᠢᠭᠦᠨ ᠣᠨ ︵550 ᠣᠨ︶ ᠳᠤ ᠤᠮᠠᠷᠠᠳᠤ ᠴᠢ ᠤᠯᠤᠰ ᠵᠡᠭᠦᠨ ᠸᠧᠶ ᠤᠯᠤᠰ ᠢ ᠣᠷᠣᠯᠠᠪᠠ︔ ᠤᠮᠠᠷᠠᠲᠤ ᠵᠧᠤ ᠤᠯᠤᠰ ᠤᠨ ᠰᠢᠶᠤᠤ ᠮᠢᠨ ᠳ᠋ᠢ ᠬᠠᠭᠠᠨ ᠤ ᠲᠡᠷᠢᠭᠦᠨ ᠣᠨ ︵557 ᠣᠨ︶ ᠳᠤ ᠪᠠᠷᠠᠭᠤᠨ ᠵᠸᠦ ᠤᠯᠤᠰ ᠪᠠᠷᠠᠭᠤᠨ ᠸᠧᠶ ᠤᠯᠤᠰ ᠢ ᠣᠷᠣᠯᠠᠪᠠ᠃ ᠵᠡᠭᠦᠨ ᠸᠧᠶ ᠤᠯᠤᠰ᠂ ᠤᠮᠠᠷᠠᠲᠤ ᠴᠢ ᠤᠯᠤᠰ ᠤᠨ ᠬᠤᠶᠠᠷ ᠲᠦᠷᠦ ᠶᠢᠨ ᠡᠷᠬᠡ ᠲᠤᠰ ᠲᠤᠰ ᠣᠳᠣ ᠶᠢᠨ ᠪᠤᠭᠤᠲᠤ ᠬᠤᠲᠠ ᠶᠢᠨ ᠥᠷᠭᠡᠨ ᠠᠭᠤᠳᠠᠮ ᠭᠠᠵᠠᠷ ᠣᠷᠣᠨ ᠢ ᠡᠵᠡᠮᠰᠢᠵᠦ ᠪᠠᠶᠢᠪᠠ᠃     ᠤᠮᠠᠷᠠᠲᠤ ᠵᠧᠤ ᠤᠯᠤᠰ ᠤᠨ ᠳ᠋ᠠ ᠰᠢᠶᠠᠩ ᠤᠨ ᠬᠤᠶᠠᠳᠤᠭᠠᠷ ᠣᠨ ︵ᠨᠡᠶᠢᠳᠡ ᠶᠢᠨ ᠤᠨ ᠲᠤᠭᠠᠯᠠᠯ ᠤᠨ 580 ᠣᠨ︶   ᠤᠮᠠᠷᠠᠲᠤ ᠵᠧᠤ ᠤᠯᠤᠰ ᠤᠮᠠᠷᠠᠲᠤ ᠴᠢ ᠤᠯᠤᠰ ᠢ ᠮᠥᠬᠦᠭᠡᠵᠦ᠂ ᠤᠮᠠᠷᠠᠲᠤ ᠣᠷᠣᠨ ᠢ ᠨᠢᠭᠡᠳᠬᠡᠪᠡ᠃ ᠣᠳᠣ ᠶᠢᠨ ᠪᠤᠭᠤᠲᠤ ᠬᠤᠲᠠ ᠶᠢᠨ ᠬᠥᠨᠳᠡᠯᠡᠨ ᠲᠣᠭᠤᠷᠢᠭ ᠤᠨ ᠬᠠᠷᠢᠶᠠᠨ ᠳᠠᠬᠢ ᠭᠠᠵᠠᠷ ᠣᠷᠣᠨ ᠪᠣᠯ ᠤᠮᠠᠷᠠᠲᠤ ᠵᠧᠤ ᠤᠯᠤᠰ ᠤᠨ ᠬᠠᠭᠠᠨᠲᠦ ᠲᠦᠷᠦ ᠶᠢᠨ ᠭᠠᠵᠠᠷ ᠤᠷᠤᠨ ᠪᠣᠯᠤᠨ᠎ᠠ᠃  
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号