ᠪᠤᠶᠢᠯᠠ ᠶᠢᠨ ᠦᠷᠪᠢᠰᠦᠯ ᠪᠣᠯ ᠪᠢᠳᠡᠨ ᠤ ᠰᠢᠳᠦ ᠶᠢ ᠠᠮᠠᠷᠬᠠᠨ ᠤᠨᠠᠭᠠᠳᠠᠭ ᠬᠡᠷᠡᠭ ᠤᠨ ᠡᠵᠡᠨ ᠶᠤᠮ︕ | ᠡᠶᠢᠮᠦ ᠡᠪᠡᠳᠴᠢᠨ ᠢ ᠮᠠᠰᠢ ᠣᠯᠠᠨ ᠬᠥᠮᠦᠨ ᠵᠠᠯᠠᠭᠤ ᠪᠠᠶᠢᠬᠤ ᠳᠠᠭᠠᠨ ᠲᠡᠮᠡᠢ ᠠᠩᠬᠠᠷᠤᠯ ᠳᠠᠭᠠᠨ ᠠᠪᠳᠠᠭ ᠦᠭᠡᠢ᠂ | ᠰᠢᠳᠦ ᠨᠢ ᠤᠨᠠᠭᠠᠳ ᠢᠷᠡᠬᠦ ᠲᠠᠢ ᠵᠡᠷᠭᠡ ᠰᠠᠶ᠋ᠢ ᠠᠩᠬᠠᠷᠤᠯ ᠳᠠᠭᠠᠨ ᠠᠪᠳᠠᠭ ᠪᠠᠶᠢᠨ᠎ᠠ᠂ ᠬᠡᠳᠡᠯ᠎ᠡ ᠡᠨᠡ ᠦᠶ᠎ᠡ | ᠪᠤᠯᠬᠤ ᠳᠤ ᠨᠢᠭᠡᠨᠲᠡ ᠤᠷᠤᠶᠢᠳᠠᠬᠰᠠᠨ ᠪᠠᠶᠢᠳᠠᠭ᠃ ᠪᠤᠶᠢᠯᠠ ᠶᠢᠨ ᠦᠷᠪᠢᠰᠦᠯ ᠨᠢ ᠰᠠᠶ᠋ᠢ ᠦᠷᠪᠢᠰᠬᠦ ᠦᠶ᠎ᠡ ᠳᠤ ᠮᠠᠰᠢ | ᠤᠳᠠᠭᠠᠨ ᠪᠠᠶᠢᠳᠠᠭ ᠶᠤᠮ᠂ ᠰᠠᠶ᠋ᠢ ᠦᠷᠪᠢᠰᠬᠦ ᠦᠶ᠎ᠡ ᠶᠢᠨ ᠢᠯᠡᠷᠡᠯ ᠬᠡᠪᠡᠯ᠄ ᠪᠤᠶᠢᠯᠠ ᠵᠢᠭᠠᠬᠠᠨ ᠤᠯᠠᠶᠢᠬᠤ᠂ | ᠰᠢᠳᠦ ᠪᠠᠨ ᠱᠤᠤᠠᠵᠠᠳᠠᠬᠤ ᠦᠶᠡᠰ ᠵᠢᠭᠠᠬᠠᠨ ᠴᠢᠰᠤ ᠭᠠᠷᠬᠤ ᠪᠤᠶᠤ ᠡᠰᠡᠬᠦᠯ᠎ᠡ ᠠᠯᠮᠤᠷᠠᠳ ᠢᠳᠡᠬᠦ ᠳᠤ ᠬᠠᠵᠠᠬᠰᠠᠨ | ᠬᠡᠰᠡᠭ ᠲᠤᠨᠢ ᠴᠢᠰᠤᠨ ᠣᠷᠣ ᠦᠯᠡᠳᠡᠳᠡᠭ᠃ ᠰᠡᠭᠦᠯᠡᠷ ᠨᠢ ︵ᠣᠯᠠᠨ ᠵᠢᠯ᠂ ᠬᠡᠳᠦᠨ ᠠᠷᠪᠠᠨ ᠵᠢᠯ ᠤᠨ ᠲᠠᠷᠠᠭ᠎ᠠ︶᠂ | ᠲᠠ ᠬᠡᠳᠦᠨ ᠰᠢᠳᠦ ᠬᠦᠳᠡᠯᠵᠦ᠂ ᠶᠠᠭᠤᠮ᠎ᠠ ᠵᠠᠵᠢᠯᠬᠤ ᠳᠤ ᠲᠡᠶᠢᠮᠦ ᠬᠦᠴᠦᠳᠡᠢ ᠪᠢᠰᠢ ᠪᠤᠯᠤᠬᠰᠠᠨ ᠪᠠ ᠵᠠᠷᠢᠮ ᠳᠠᠭᠠᠨ | ᠱᠣᠷᠪᠣᠭ ᠡᠬᠡᠭᠦᠨ ᠢᠳᠡᠭᠡ ᠰᠢᠭᠦᠰᠦ ᠭᠠᠷᠳᠠᠭ ᠢ ᠬᠡᠨᠡᠳᠳᠡ ᠤᠯᠵᠤ ᠮᠡᠳᠡᠳᠡᠭ᠃ ᠡᠭᠦᠨ ᠠᠴᠠ ᠰᠡᠭᠦᠯᠡᠷ ᠨᠢ ᠰᠢᠳᠦ | ᠴᠢᠨᠢ ᠬᠦᠳᠡᠯᠳᠡᠭ ᠢᠶᠠᠷ ᠪᠠᠷᠠᠬᠤ ᠥᠬᠡᠶ᠂ ᠵᠠᠷᠢᠮ ᠳᠠᠭᠠᠨ ᠪᠠᠰᠠ ᠰᠢᠳᠦ ᠨᠢ ᠡᠪᠡᠳᠦᠳᠡᠭ︕ ᠡᠨᠡ ᠦᠶ᠎ᠡ ᠳᠤ | ᠰᠢᠳᠦ ᠪᠠᠨ ᠡᠮᠨᠡᠯᠭᠡ ᠳᠤ ᠬᠦᠷᠴᠦ ᠦᠵᠡᠬᠦᠯᠬᠦ ᠦᠭᠡᠢ᠂ ᠵᠥᠪᠬᠡᠨ ᠡᠮ ᠤᠤᠭᠤᠵᠤ ᠡᠪᠡᠳᠬᠦ ᠶᠢ ᠵᠣᠭᠰᠣᠭᠠᠬᠤ ᠶᠢ | ᠪᠤᠳᠤᠬᠤ ᠳᠤ ᠬᠦᠷᠪᠡᠯ᠂ ᠦᠨᠡᠨ ᠳᠡᠭᠡᠨ ᠶᠠᠮᠠᠷ ᠴᠤ ᠲᠤᠰᠠ ᠦᠭᠡᠢ ᠶᠤᠮ᠃ ᠰᠢᠳᠦᠨ ᠤ ᠤᠭ ᠨᠢ ᠢᠯᠡᠷᠡᠨ ᠭᠠᠷᠪᠠᠯ᠂ | ᠰᠢᠳᠦ ᠬᠦᠳᠡᠯᠬᠦ ᠨᠢ ᠤᠯᠠᠮ ᠠᠴᠠ ᠤᠯᠠᠮ ᠬᠦᠨᠳᠦ ᠪᠤᠯᠤᠨ᠎ᠠ᠃ | ᠪᠤᠶᠢᠯᠠ ᠶᠢᠨ ᠦᠷᠪᠢᠰᠦᠯ ᠢ ᠶᠠᠭᠠᠬᠢᠵᠤ ᠵᠠᠰᠠᠬᠤ ᠪᠣᠶ︖ | 1. ᠰᠢᠳᠦ ᠪᠠᠨ ᠤᠬᠢᠶᠠᠬᠤ | 2. ᠪᠣᠬᠢᠷᠲᠤᠭᠰᠠᠨ ᠬᠡᠰᠡᠭ ᠢ ᠬᠤᠰᠤᠵᠤ ᠠᠷᠢᠯᠭᠠᠬᠤ | 3. ᠪᠤᠶᠢᠯᠠ ᠶᠢᠨ ᠮᠡᠰᠡ ᠵᠠᠰᠠᠯ ᠬᠢᠯᠭᠡᠬᠦ | 4. ᠡᠮ ᠢᠶᠠᠷ ᠵᠠᠰᠠᠬᠤ | 5. ᠡᠯᠡᠭᠳᠡᠭᠰᠡᠨ ᠰᠢᠳᠦ ᠶᠢ ᠲᠡᠭᠰᠢᠯᠡᠵᠦ ᠵᠠᠰᠠᠬᠤ᠂ ᠪᠠᠬᠢᠯᠡᠵᠦ ᠲᠤᠬᠳᠠᠪᠤᠷᠢᠵᠢᠭᠤᠯᠬᠤ ᠪᠠ ᠰᠢᠳᠦ ᠶᠢ ᠦᠳᠡᠭᠡᠨ | ᠠᠪᠬᠤ ᠪᠤᠶᠢᠯᠠ ᠶᠢᠨ ᠦᠷᠪᠢᠰᠦᠯ ᠤᠨ ᠰᠢᠰᠲ᠋ᠧᠮ ᠤᠨ ᠡᠮᠴᠢᠯᠡᠭᠡ ᠬᠢᠭᠰᠡᠨ ᠤ ᠳᠠᠷᠠᠭ᠎ᠠ᠂ ᠥᠪᠡᠷ ᠤᠨ ᠠᠮᠠᠨ | ᠬᠥᠨᠳᠡᠶ ᠶᠢᠨ ᠡᠷᠡᠭᠦᠯ ᠬᠠᠮᠠᠭᠠᠯᠠᠯ ᠰᠠᠶᠢᠳᠤᠷ ᠬᠢᠬᠦ ᠪᠠ ᠲᠣᠭᠲᠠᠭᠰᠠᠨ ᠬᠤᠭᠤᠴᠠᠭ᠎ᠠ ᠳᠤ ᠳᠠᠬᠢᠨ ᠪᠠᠶᠢᠴᠠᠭᠠᠯᠲᠠ | ᠬᠢᠬᠦ ᠨᠢ ᠮᠦᠨ ᠠᠳᠠᠯᠢᠬᠠᠨ ᠴᠢᠬᠤᠯᠠ ᠶᠤᠮ᠃ |